ᠪᠠᠲᠤᠽᠠᠨᠳᠠᠨ ᠶᠠᠭᠠᠬᠢᠭᠠᠳ ᠲᠠᠶᠢᠯᠪᠤᠷᠢ ᠬᠢᠬᠦ ᠦᠭᠡᠢ ᠪᠠᠶᠢᠭ᠎ᠠ ᠶᠤᠮ ᠪᠤᠢ | News.MN

ᠪᠠᠲᠤᠽᠠᠨᠳᠠᠨ ᠶᠠᠭᠠᠬᠢᠭᠠᠳ ᠲᠠᠶᠢᠯᠪᠤᠷᠢ ᠬᠢᠬᠦ ᠦᠭᠡᠢ ᠪᠠᠶᠢᠭ᠎ᠠ ᠶᠤᠮ ᠪᠤᠢ

ᠤᠯᠤᠰ ᠤᠨ ᠶᠡᠬᠡ ᠬᠤᠷᠠᠯ ᠤᠨ ᠭᠡᠰᠢᠭᠦᠨ᠂ ᠠᠷᠠᠳᠴᠢᠯᠠᠭᠰᠠᠨ ᠨᠠᠮ᠍ ᠤᠨ ᠳᠠᠷᠤᠭ᠎ᠠ ᠰ∙ᠡᠷᠳᠡᠨᠢ ᠴᠠᠭ ᠦᠶ᠎ᠡ ᠶᠢᠨ ᠠᠰᠠᠭᠤᠳᠠᠯ ᠢᠶᠠᠷ ᠮᠡᠳᠡᠭᠡᠯᠡᠯ ᠬᠢᠯ᠎ᠡ᠃ ᠲᠡᠷᠡ ᠪᠡᠷ ᠄ ᠥᠨᠥᠳᠥᠷ ᠤᠯᠤᠰ ᠲᠦᠷᠦ᠂ ᠰᠢᠳᠤᠷᠭᠤ ᠶᠣᠰᠣᠨ ᠤ ᠲᠥᠯᠥᠭᠡ ᠲᠡᠮᠡᠴᠡᠭᠴᠢ ᠭᠡᠳ ᠪᠠᠶᠢᠭ᠎ᠠ ᠲᠠᠪᠤᠨ ᠭᠡᠰᠢᠭᠦᠨ ᠪᠠᠶᠢᠨ᠎ᠠ᠃ ᠪᠢ ᠲᠡᠭᠡᠪᠡᠯ ᠬᠣᠶᠠᠷ ᠭᠡᠰᠢᠭᠦᠨ ᠡᠴᠡ ᠲᠣᠳᠣᠷᠠᠭᠤᠯᠤᠶ᠎ᠠ ᠯᠠ ᠳ᠋ᠠ᠃ ᠯ∙ᠪᠣᠯᠣᠳ ᠭᠡᠰᠢᠭᠦᠨ ᠬᠥᠭᠵᠢᠯ ᠦᠨ ᠪᠠᠩᠬᠢᠨ ᠠᠴᠠ 30.9 ᠲᠡᠷᠪᠤᠮ ᠲᠥᠭᠥᠷᠢᠭ ︽ᠪᠣᠭᠳᠠ︾ ᠪᠠᠩᠬᠢᠨ ᠳᠤ ᠪᠠᠨ ᠠᠪᠤᠭᠰᠠᠨ᠃ ᠳᠠᠷᠠᠭ᠎ᠠ ᠨᠢ ᠨᠠᠢᠮᠠᠨ ᠰᠠᠶ᠎ᠠ ᠳ᠋ᠣᠯᠯᠠᠷ ᠠᠪᠤᠭᠰᠠᠨ᠃ ᠨᠢᠭᠡ ᠦᠭᠡ ᠪᠡᠷ ᠬᠡᠯᠡᠪᠡᠯ ᠡᠨᠡ ᠬᠦᠮᠦᠨ ᠬᠤᠶᠠᠳᠠᠬᠢ ᠤᠳᠠᠭ᠎ᠠ ᠲᠥᠷᠥ ᠶᠢᠨ ᠮᠥᠩᠭᠥ ᠪᠡᠷ ᠪᠠᠩᠬᠢ ᠪᠠᠶᠢᠭᠤᠯᠤᠭᠰᠠᠨ᠃ ᠲᠥᠷᠥ ᠡᠴᠡ ᠮᠥᠩᠭᠥ ᠠᠪᠴᠢᠬᠠᠭᠠᠳ ᠲᠡᠭᠦᠨ ᠢᠶᠠᠨ ᠳᠥᠷᠪᠡ ᠳᠠᠬᠢᠨ ᠨᠤᠭᠤᠯᠵᠤ ᠬᠦᠦᠯᠡᠵᠦ ᠪᠠᠶᠢᠨ᠎ᠠ᠃ ᠡᠨᠡ ᠲᠡᠭᠡᠭᠡᠳ ᠰᠢᠳᠤᠷᠭᠤ ᠶᠣᠰᠣ ᠤᠤ᠃ ᠪᠢ ᠰᠢᠳᠤᠷᠭᠤ ᠬᠦᠮᠦᠨ ᠭᠡᠵᠦ ᠴᠡᠭᠡᠵᠢ ᠪᠡᠨ  ᠪᠠᠯᠪᠠᠭᠠᠳ ᠪᠠᠶᠢᠭ᠎ᠠ ᠪᠣᠯᠣᠳ ᠭᠡᠰᠢᠭᠦᠨ ᠰᠢᠳᠤᠷᠭᠤ ᠪᠠᠶᠢᠨ᠎ᠠ ᠤᠤ᠃ ᠡᠷᠬᠡ ᠪᠠᠷᠢᠭᠴᠢ ᠨᠠᠷ ᠶᠠᠭᠠᠬᠢᠬᠤ ᠪᠠᠷ ᠢᠶᠠᠨ ᠪᠤᠯᠤᠳ ᠲᠤ ᠢᠩᠭᠢᠵᠤ ᠳᠠᠪᠠᠭᠤ ᠡᠷᠬᠡ ᠣᠯᠭᠤᠭᠠᠳ ᠪᠠᠶᠢᠳᠠᠭ ᠶᠤᠮ ᠪᠤᠢ᠃ ᠲᠠᠲᠠᠪᠤᠷᠢ ᠶᠢᠨ ᠮᠥᠩᠭᠥ ᠶᠢ ᠨᠢᠭᠡ ᠪᠠᠩᠬᠢᠨ ᠳᠤ ᠳᠤᠷ᠎ᠠ ᠮᠡᠳᠡᠨ ᠪᠠᠶᠢᠷᠢᠰᠢᠭᠤᠯᠳᠠᠭ᠃ ᠡᠨᠡ ᠴᠢᠨᠢ ᠭᠡᠮᠲᠦ ᠬᠡᠷᠡᠭ ᠰᠢᠦ ᠳ᠋ᠡ᠃ ᠡᠨᠡ ᠶᠢ ᠪᠢ ᠤᠯᠤᠰ ᠲᠦᠷᠦ ᠶᠢᠨ ᠬᠤᠳᠠᠯᠳᠤᠨ ᠠᠪᠤᠯᠲᠠ ᠭᠡᠵᠦ ᠬᠠᠷᠠᠵᠤ ᠪᠠᠶᠢᠭ᠎ᠠ᠃ ᠨᠥᠭᠥᠭᠡ ᠥᠪᠡᠷ ᠢ ᠪᠡᠨ ᠪᠠᠰᠠ ᠯᠠ ᠪᠢ ᠰᠢᠳᠤᠷᠭᠤ ᠭᠡᠵᠦ ᠴᠡᠭᠡᠵᠢ ᠪᠡᠨ ᠳᠡᠯᠡᠳᠦᠭᠡᠳ ᠪᠠᠶᠢᠭ᠎ᠠ ᠪᠠᠲᠤᠽᠠᠨᠳᠠᠨ ᠥᠨᠥᠳᠥᠷ ᠢ ᠬᠦᠷᠲᠡᠯ᠎ᠡ ᠶᠠᠭᠠᠬᠢᠭᠠᠳ ᠡᠬᠡᠨᠡᠷ ᠦᠨ ᠢᠶᠡᠨ ᠺᠠᠷᠲ ᠤᠨ ᠳᠠᠩᠰᠠ ᠪᠠᠷ ᠣᠷᠣᠭᠰᠠᠨ 200 ᠰᠠᠶ᠎ᠠ ᠲᠥᠭᠥᠷᠢᠭ ᠢ ᠲᠠᠶᠢᠯᠪᠤᠷᠢᠯᠠᠬᠤ ᠦᠭᠡᠢ ᠪᠠᠶᠢᠭ᠎ᠠ ᠶᠤᠮ ᠪᠤᠢ᠃ ᠲᠠᠶᠢᠯᠪᠤᠷᠢ ᠬᠢ ᠭᠡᠵᠦ ᠱᠠᠭᠠᠷᠳᠠᠭᠠᠳ ᠪᠠᠶᠢᠭ᠎ᠠ᠃ ᠡᠭᠦᠨ ᠢ ᠠᠷᠠᠳᠴᠢᠯᠠᠭᠰᠠᠨ ᠨᠠᠮ ᠤᠨ ᠡᠩ ᠦᠨ ᠭᠡᠰᠢᠭᠦᠳ ᠪᠦᠭᠦᠳᠡ ᠱᠠᠭᠠᠷᠳᠠᠵᠤ ᠪᠠᠶᠢᠭ᠎ᠠ᠃ ᠭᠡᠮ ᠪᠤᠷᠤᠭᠤ ᠦᠭᠡᠢ ᠶᠤᠮ ᠪᠣᠯ ᠶᠠᠭᠠᠬᠢᠭᠠᠳ ᠲᠠᠶᠢᠯᠪᠤᠷᠢᠯᠠᠬᠤ ᠦᠭᠡᠢ ᠪᠠᠶᠢᠭ᠎ᠠ ᠶᠤᠮ᠃

ᠥᠨᠥᠳᠥᠷ ᠡᠨᠡ ᠲᠠᠪᠤᠨ ᠭᠡᠰᠢᠭᠦᠨ ᠡᠷᠳᠡᠨᠢᠲᠦ ᠶᠢᠨ 49 ᠬᠤᠪᠢ ᠶᠢ ᠶᠠᠷᠢᠭᠠᠳ 51 ᠬᠤᠪᠢ ᠶᠢ ᠶᠠᠭᠠᠬᠢᠭᠠᠳ ᠶᠠᠷᠢᠬᠤ ᠦᠭᠡᠢ ᠪᠠᠶᠢᠭ᠎ᠠ ᠶᠤᠮ᠃ 51 ᠬᠤᠪᠢ ᠣᠳᠣ ᠬᠠᠮᠢᠭ᠎ᠠ ᠶᠠᠪᠤᠵᠤ ᠪᠠᠶᠢᠨ᠎ᠠ᠃ ᠮᠢᠨᠦ ᠠᠪᠤᠭᠰᠠᠨ ᠮᠡᠳᠡᠭᠡᠯᠡᠯ ᠢᠶᠡᠷ ᠲᠡᠷᠡ ᠰᠲ᠋ᠠᠨᠳᠠᠷᠲ  ᠪᠠᠩᠬᠢ ᠶᠢ ᠬᠢᠲᠠᠳ ᠤᠳ ᠠᠪᠤᠭᠰᠠᠨ ᠰᠤᠷᠠᠭ ᠳᠤᠭᠤᠯᠳᠠᠵᠤ ᠪᠠᠶᠢᠨ᠎ᠠ᠃ ᠰᠲ᠋ᠠᠨᠳᠠᠷᠲ ᠪᠠᠩᠬᠢ ᠪᠠᠷ ᠳᠠᠮᠵᠢᠭᠠᠳ 51 ᠬᠤᠪᠢ ᠬᠢᠲᠠᠳ ᠤᠨ ᠮᠡᠳᠡᠯ ᠳᠦ ᠣᠴᠢᠬᠤ ᠶᠢ ᠦᠭᠡᠶᠢᠰᠭᠡᠬᠦ ᠠᠷᠭ᠎ᠠ ᠦᠭᠡᠢ ᠰᠢᠦ ᠳ᠋ᠡ᠃ ᠥᠨᠥᠳᠥᠷ ᠬᠦᠦ ᠶᠢᠨ ᠲᠣᠷᠭᠠᠭᠤᠯᠢ ᠭᠡᠵᠦ ᠡᠳᠦᠷ ᠲᠦ ᠬᠡᠳᠦᠨ ᠰᠠᠶ᠎ᠠ ᠶᠢ ᠲᠥᠯᠦᠵᠦ ᠪᠠᠶᠢᠬᠤ ᠳᠤ ᠶᠠᠭᠠᠬᠢᠭᠠᠳ ᠡᠭᠦᠨ ᠢ  ᠵᠤᠭᠰᠤᠭᠠᠬᠤ ᠬᠡᠯᠡᠴᠡᠯ ᠬᠢᠬᠦ ᠦᠭᠡᠢ ᠪᠠᠶᠢᠭ᠎ᠠ ᠶᠤᠮ᠃ ᠲᠡᠷᠡ  ᠰᠢᠳᠤᠷᠭᠤ ᠶᠣᠰᠣ ᠴᠢᠨᠢ ᠬᠠᠮᠢᠭ᠎ᠠ ᠪᠠᠶᠢᠨ᠎ᠠ᠃ ᠰᠠᠶ᠋ᠢᠬᠠᠨ ᠪᠣᠯᠤᠭᠰᠠᠨ ᠱᠤᠤᠭᠢᠶᠠᠨ ᠲᠠᠢ ᠪᠠᠷᠢᠪᠴᠢᠯᠠᠭᠠᠨ ᠤ ᠠᠷᠤ ᠪᠠᠷ 51 ᠬᠤᠪᠢ ᠶᠢᠨ ᠰᠢᠭᠦᠬᠦ ᠬᠤᠷᠠᠯ ᠪᠣᠯᠤᠭᠰᠠᠨ᠃ ᠬᠡᠷᠡᠭ ᠢ ᠮᠥᠷᠳᠡᠨ ᠪᠠᠶᠢᠴᠠᠭᠠᠯᠲᠠ ᠳᠤ ᠪᠤᠴᠠᠭᠠᠭᠰᠠᠨ᠃ ᠪᠢ 51 ᠬᠤᠪᠢ ᠶᠢᠨ ᠲᠠᠯ᠎ᠠ ᠪᠠᠷ ᠣᠶᠢᠯᠠᠭᠠᠮᠵᠢ ᠦᠭᠡᠢ ᠨᠢᠭᠡ ᠴᠤ ᠠᠰᠠᠭᠤᠳᠠᠯ ᠪᠠᠶᠢᠬᠤ ᠦᠭᠡᠢ ᠭᠡᠵᠦ ᠪᠣᠳᠣᠵᠤ ᠪᠠᠶᠢᠭ᠎ᠠ᠃ ᠥᠴᠢᠨᠡᠨ ᠵᠢᠯ ᠪᠣᠯᠤᠯ᠎ᠠ᠃ ᠡᠨᠡ 51 ᠬᠤᠪᠢ ᠶᠢ 40 ᠵᠢᠯ ᠮᠣᠩᠭᠣᠯ ᠤᠨ ᠲᠠᠯ᠎ᠠ ᠡᠵᠡᠮᠰᠢᠵᠦ ᠪᠠᠶᠢᠭᠰᠠᠨ᠃ ᠡᠨᠡ 51 ᠬᠤᠪᠢ ᠳᠣᠲᠣᠷ᠎ᠠ ᠮᠣᠩᠭᠣᠯ ᠤᠨ ᠡᠷᠬᠡ ᠪᠠᠷᠢᠭᠴᠢᠳ ᠶᠠᠮᠠᠷ ᠶᠡᠬᠡ ᠰᠢᠬᠠᠭ᠎ᠠ᠂ ᠯᠤᠶᠢᠪᠠᠷ ᠵᠠᠪᠠᠭᠠᠨ ᠶᠠᠭᠤᠮ᠎ᠠ ᠬᠢᠭᠰᠡᠨ ᠢ ᠶᠠᠭᠠᠬᠢᠭᠠᠳ ᠶᠠᠷᠢᠬᠤ ᠦᠭᠡᠢ ᠪᠠᠶᠢᠭ᠎ᠠ ᠶᠤᠮ ᠪᠤᠢ᠃ ᠲᠡᠭᠡᠭᠡᠳ ᠳᠡᠭᠡᠷ᠎ᠡ ᠡᠴᠡ ᠨᠢ ᠶᠠᠭᠠᠬᠢᠭᠠᠳ ᠵᠢᠵᠢᠭ ᠳᠤᠮᠳᠠ ᠦᠢᠯᠡᠳᠪᠦᠷᠢ ᠶᠢᠨ ᠵᠢᠭᠡᠯᠡ ᠶᠢᠨ ᠠᠰᠠᠭᠤᠳᠠᠯ ᠶᠠᠷᠢᠬᠤ ᠦᠭᠡᠢ ᠪᠠᠶᠢᠭ᠎ᠠ ᠶᠤᠮ ᠪᠤᠢ᠃ ᠲᠡᠷᠡ ᠰᠠᠩ ᠠᠴᠠ ᠬᠡᠳᠦᠨ ᠲᠡᠷᠪᠤᠮ ᠢᠶᠠᠷ ᠨᠢ ᠢᠳᠡᠭᠰᠡᠨ ᠬᠦᠮᠦᠰ ᠢᠶᠠᠨ ︽ᠡᠨᠡ ᠪᠣᠯ ᠶᠠᠭᠠᠬᠢᠬᠤᠪ  ᠵᠢᠭᠡᠯᠡ᠃ ᠪᠤᠴᠠᠭᠠᠭᠠᠳ ᠲᠥᠯᠦᠴᠢᠬᠡᠨ᠎ᠡ︾ ᠭᠡᠳ ᠪᠠᠶᠢᠭ᠎ᠠ᠃ ᠶᠠᠭᠠᠬᠢ ᠪᠠᠷ ᠢᠶᠠᠨ ᠡᠷᠬᠡ ᠮᠡᠳᠡᠯᠲᠡᠨ ᠨᠦᠭᠦᠳ ᠨᠢ ᠵᠢᠯ ᠦᠨ ᠭᠤᠷᠪᠠᠨ  ᠬᠤᠪᠢ  ᠶᠢᠨ ᠬᠦᠦ ᠲᠠᠢ ᠪᠡᠷ ᠬᠡᠳᠦᠨ ᠲᠡᠷᠪᠤᠮ ᠢᠶᠠᠷ ᠨᠢ ᠵᠢᠭᠡᠯᠡ ᠠᠪᠳᠠᠭ᠃ ᠵᠢᠷ ᠦᠨ ᠢᠷᠭᠡᠳ ᠲᠠᠪᠤ᠂ ᠠᠷᠪᠠᠨ ᠰᠠᠶ᠎ᠠ ᠶᠢᠨ ᠵᠢᠭᠡᠯᠡ ᠠᠪᠬᠤ ᠭᠡᠵᠦ ᠶᠠᠭᠠᠬᠢᠵᠤ ᠮᠢᠬ᠎ᠠ ᠪᠠᠨ ᠵᠤᠯᠭᠠᠭᠠᠵᠤ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Нэргүй 2019-03-13 73.231.128.120

Алдаа цөөнгүй байгаа ч хойшдоо засарна буй заа.