ᠪ᠂ ᠪᠠᠲᠤᠲᠡᠮᠦᠷ ᠺᠤᠳᠤ᠋ ᠶᠢᠨ ᠤᠯᠤᠰ ᠤᠨ ᠲᠡᠮᠡᠴᠡᠭᠡᠨ ᠳᠦ ᠲᠦᠷᠦᠭᠦᠯᠡᠯ᠎ᠡ | News.MN

ᠪ᠂ ᠪᠠᠲᠤᠲᠡᠮᠦᠷ ᠺᠤᠳᠤ᠋ ᠶᠢᠨ ᠤᠯᠤᠰ ᠤᠨ ᠲᠡᠮᠡᠴᠡᠭᠡᠨ ᠳᠦ ᠲᠦᠷᠦᠭᠦᠯᠡᠯ᠎ᠡ

ᠳᠣᠷᠣᠨᠠᠭᠣᠪᠢ ᠠᠶᠢᠮᠠᠭ ᠤᠨ ᠵᠠᠮ ᠤᠨ-ᠡᠭᠦᠳᠡ ᠰᠤᠮᠤ ᠶᠢᠨ ᠶᠡᠷᠦᠩᠬᠡᠢ ᠪᠣᠯᠪᠠᠰᠤᠷᠠᠯ ᠤᠨ ᠨᠢᠭᠡᠳᠦᠭᠡᠷ ᠰᠤᠷᠭᠠᠭᠤᠯᠢ ᠶᠢᠨ 10 B ᠠᠩᠬᠢ ᠶᠢᠨ ᠰᠤᠷᠤᠭᠴᠢ ᠪᠠᠲᠤᠲᠦ᠋ᠷᠦ ᠶᠢᠨ ᠪᠠᠲᠤᠲᠡᠮᠦᠷ ᠤᠯᠠᠭᠠᠨᠪᠠᠭᠠᠲᠤᠷ ᠬᠤᠲᠠ ᠳᠤ ᠪᠣᠯᠤᠭᠰᠠᠨ ᠮᠣᠩᠭᠣᠯ ᠤᠨ ᠺᠤᠳᠤ᠋ ᠶᠢᠨ ᠬᠣᠯᠪᠣᠭᠠᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠵᠦ ᠬᠣᠱᠣᠢ ᠠᠪᠤᠷᠭᠤ ᠪᠣᠯᠤᠯ᠎ᠠ᠃ ᠲᠡᠷᠡ ᠥᠩᠭᠡᠷᠡᠭᠰᠡᠨ ᠣᠨ ᠤ ᠲᠡᠭᠦᠰᠬᠡᠯ ᠳᠦ ᠶᠠᠫᠣᠨ ᠤ ᠨᠠᠭᠤᠶᠠ ᠬᠤᠲᠠ ᠳᠤ ᠪᠣᠯᠤᠭᠰᠠᠨ ᠥᠰᠪᠦᠷᠢ ᠶᠢᠨ ᠳᠡᠯᠡᠬᠡᠢ ᠶᠢᠨ ᠠᠪᠤᠷᠭᠤ ᠶᠢᠨ ᠲᠡᠮᠡᠴᠡᠭᠡᠨ ᠳᠦ ᠡᠬᠡ ᠣᠷᠣᠨ ᠢᠶᠠᠨ ᠲᠥᠯᠥᠭᠡᠯᠡᠨ ᠠᠮᠵᠢᠯᠲᠠᠲᠠᠢ ᠣᠷᠣᠯᠴᠠᠵᠤ  ᠪᠠᠶᠢᠵᠠᠢ᠃ ᠺᠤᠳᠤ᠋ ᠨᠢ ᠪᠣᠺᠰ᠂ ᠪᠥᠬᠡ ᠵᠡᠷᠭᠡ ᠰᠫᠣᠷᠲ ᠤᠨ ᠲᠥᠷᠥᠯ ᠦᠨ ᠡᠯᠧᠮᠧᠨᠲ ᠦᠳ ᠢ ᠥᠪᠡᠷᠲᠡᠭᠡᠨ ᠠᠭᠤᠯᠤᠭᠰᠠᠨ ᠪᠡᠶ᠎ᠡ ᠳᠠᠭᠠᠭᠠᠭᠰᠠᠨ ᠲᠤᠯᠤᠭᠠᠨ ᠤ ᠰᠫᠣᠷᠲ ᠠᠵᠠᠢ ᠃
ᠺᠤᠳᠤ᠋ ᠶᠢ ᠶᠠᠫᠣᠨ ᠤ ᠶᠡᠬᠡ ᠮᠠᠰᠲ᠋ᠸᠷ ᠠᠽᠤᠮᠠ ᠲᠠᠺᠠᠰᠢ ᠦᠨᠳᠦᠰᠦᠯᠡᠭᠰᠡᠨ ᠪᠥᠭᠡᠳ ᠲᠡᠮᠡᠴᠡᠭᠡᠨ ᠦ ᠳᠦᠷᠢᠮ ᠨᠢ ᠭᠠᠷ ᠪᠣᠯᠤᠨ ᠬᠥᠯ ᠦᠨ  ᠪᠦᠬᠦ  ᠳᠤᠪᠲᠤᠯᠭᠠᠨ ᠢ ᠲᠣᠯᠣᠭᠠᠢ ᠶᠢᠨ ᠠᠷᠤ ᠠᠴᠠ ᠪᠤᠰᠤᠳ ᠪᠡᠶ᠎ᠡ ᠶᠢᠨ ᠠᠯᠢ ᠴᠤ ᠬᠡᠰᠡᠭ ᠲᠦ ᠬᠢᠬᠦ ᠶᠢ ᠵᠥᠪᠰᠢᠶᠡᠷᠡᠳᠡᠭ ᠣᠨᠴᠠᠯᠢᠭ ᠲᠠᠢ᠃

ᠰᠡᠳᠬᠢᠭᠳᠡᠯ ᠦᠯᠡᠳᠡᠭᠡᠬᠦ