ᠪᠠᠶᠢᠲᠤ ᠬᠠᠷᠪᠤᠭᠠᠨ ᠤ ᠪ∙ᠤᠳᠬᠤᠨᠪᠤᠯᠤᠳ ᠶᠠᠫᠣᠨ ᠳᠤ ᠲᠦᠷᠦᠭᠦᠯᠡᠪᠡ | News.MN

ᠪᠠᠶᠢᠲᠤ ᠬᠠᠷᠪᠤᠭᠠᠨ ᠤ ᠪ∙ᠤᠳᠬᠤᠨᠪᠤᠯᠤᠳ ᠶᠠᠫᠣᠨ ᠳᠤ ᠲᠦᠷᠦᠭᠦᠯᠡᠪᠡ

ᠪᠠᠶᠢᠲᠤ ᠬᠠᠷᠪᠤᠭᠠᠨ ᠤ ᠰᠢᠭᠰᠢᠭᠡ ᠪᠠᠭ ᠤᠨ ᠲᠠᠮᠢᠷᠴᠢᠳ ᠬᠣᠶᠠᠷ ᠳᠠᠰᠬᠠᠯᠵᠢᠭᠤᠯᠤᠭᠴᠢ᠂ 10 ᠲᠠᠮᠢᠷᠴᠢᠨ ᠤ ᠪᠦᠷᠢᠯᠳᠦᠬᠦᠨ ᠲᠡᠢ ᠪᠡᠷ ᠶᠠᠫᠣᠨ ᠤ ᠣᠺᠠᠽᠠᠺᠢ  ᠬᠤᠲᠠ ᠳᠤ  ᠠᠶᠢᠴᠢ ᠠᠵᠤ ᠦᠢᠯᠡᠳᠪᠦᠷᠢ ᠶᠢᠨ ᠰᠤᠷᠭᠠᠭᠤᠯᠢ ᠶᠢᠨ ᠲᠠᠯᠠᠪᠠᠢ ᠳᠤ 2019 ᠣᠨ ᠤ 2  ᠳᠦᠭᠡᠷ ᠰᠠᠷ᠎ᠠ ᠶᠢᠨ 20 - 3  ᠳ᠋ᠤᠭᠠᠷ ᠰᠠᠷ᠎ᠠ ᠶᠢᠨ 9 ᠬᠦᠷᠲᠡᠯ᠎ᠡ ᠨᠡᠶᠢᠲᠡ 18 ᠬᠣᠨᠣᠭ ᠤᠨ ᠪᠡᠯᠡᠳᠬᠡᠯ ᠬᠢᠯ᠎ᠡ᠃ ᠪᠡᠯᠡᠳᠬᠡᠯ ᠦᠨ ᠲᠡᠭᠦᠰᠬᠡᠯ ᠳᠦ 2019 ᠣᠨ ᠤ 3  ᠳ᠋ᠤᠭᠠᠷ ᠰᠠᠷ᠎ᠠ ᠶᠢᠨ 5-7 ᠍ ᠳᠦ  ᠠᠶᠢᠴᠢ ᠶᠡᠬᠡ ᠰᠤᠷᠭᠠᠭᠤᠯᠢ ᠶᠢᠨ ᠣᠶᠤᠲᠠᠨ ᠲᠠᠮᠢᠷᠴᠢᠳ ᠲᠠᠢ ᠨᠥᠬᠥᠷᠰᠡᠭ ᠠᠭᠤᠯᠵᠠᠯᠲᠠ ᠲᠡᠮᠡᠴᠡᠭᠡᠨ ᠵᠣᠬᠢᠶᠠᠨ ᠪᠠᠶᠢᠭᠤᠯᠤᠭᠰᠠᠨ ᠪᠠᠶᠢᠨ᠎ᠠ᠃ ᠲᠡᠮᠡᠴᠡᠭᠡᠨ ᠢ ᠤᠷᠢᠳᠴᠢᠯᠠᠭᠰᠠᠨ ᠬᠠᠷᠪᠤᠭ᠎ᠠ᠂  ᠬᠤᠪᠢ ᠶᠢᠨ ᠰᠢᠭᠰᠢᠭᠡ ᠬᠠᠷᠪᠤᠭ᠎ᠠ᠂ ᠬᠣᠯᠢᠮᠠᠭ ᠪᠠᠭ ᠤᠨ ᠲᠥᠷᠥᠯ ᠳᠦ ᠵᠣᠬᠢᠶᠠᠨ ᠪᠠᠶᠢᠭᠤᠯᠤᠭᠰᠠᠨ ᠪᠥᠭᠡᠳ  ᠬᠤᠪᠢ ᠶᠢᠨ ᠰᠢᠭᠰᠢᠭᠡ ᠬᠠᠷᠪᠤᠭᠠᠨ ᠳᠤ ᠪ∙ᠤᠳᠬᠤᠨᠪᠤᠯᠤᠳ ᠲᠦᠷᠦᠭᠦᠯᠡᠵᠦ᠂  ᠬᠢᠺᠠᠷᠤ᠋ ᠬᠣᠩᠳᠠ᠂ ᠪ∙ᠦᠷᠠᠨᠲᠤᠩᠭᠠᠯᠠᠭ ᠨᠠᠷ ᠤᠳᠠᠭᠠᠯᠠᠯ᠎ᠠ᠃

ᠰᠡᠳᠬᠢᠭᠳᠡᠯ ᠦᠯᠡᠳᠡᠭᠡᠬᠦ