ᠤᠷᠠᠨ ᠨᠤᠭᠤᠷᠠᠭᠠᠴᠢᠳ ᠤᠨ ᠲᠣᠭᠯᠠᠭᠰᠠᠨ ᠺᠢᠨᠤ᠋ ᠨᠡᠭᠡᠭᠡᠯᠲᠡ ᠪᠡᠨ ᠬᠢᠨ᠎ᠡ | News.MN

ᠤᠷᠠᠨ ᠨᠤᠭᠤᠷᠠᠭᠠᠴᠢᠳ ᠤᠨ ᠲᠣᠭᠯᠠᠭᠰᠠᠨ ᠺᠢᠨᠤ᠋ ᠨᠡᠭᠡᠭᠡᠯᠲᠡ ᠪᠡᠨ ᠬᠢᠨ᠎ᠡ

ᠮᠣᠩᠭᠣᠯ ᠤᠨ ᠤᠷᠠᠨ ᠨᠤᠭᠤᠷᠠᠭᠠᠴᠢᠳ ᠲᠣᠭᠯᠠᠭᠰᠠᠨ ︽ᠳ᠋ᠠᠮᠪᠤ︾ ᠬᠤᠯᠯᠢᠸᠤᠳ᠋ ᠤᠨ ᠤᠷᠠᠨ ᠰᠠᠶᠢᠬᠠᠨ ᠤ ᠺᠢᠨᠣ᠋ ᠭᠤᠷᠪᠠᠳᠤᠭᠠᠷ ᠰᠠᠷ᠎ᠠ ᠶᠢᠨ 29 ᠍ ᠳᠦ ᠨᠡᠭᠡᠭᠡᠯᠲᠡ ᠪᠡᠨ ᠬᠢᠬᠦ ᠶᠤᠮ ᠪᠠᠶᠢᠨ᠎ᠠ ᠃ ︽ᠤᠤᠯᠲ ᠳ᠋ᠢᠰᠨᠧᠢ︾ ᠺᠢᠨᠣ᠋ ᠺᠣᠮᠫᠠᠨᠢ ᠶᠢᠨ ᠪᠦᠲᠦᠭᠡᠯ᠂ ᠼᠢᠷᠺ ᠲᠦ ᠥᠰᠦᠭᠰᠡᠨ ᠨᠢᠰᠳᠡᠭ ᠵᠠᠭᠠᠨ ᠤ ᠲᠤᠭᠤᠯ ᠤᠨ ᠲᠤᠬᠠᠢ ᠦᠭᠦᠯᠡᠳᠡᠭ ︽ᠳ᠋ᠠᠮᠪᠤ︾ ᠬᠡᠦᠬᠡᠯᠳᠡᠢ ᠶᠢᠨ ᠺᠢᠨᠤ᠋ ᠶᠢ ᠬᠤᠯᠯᠢᠸᠤᠳ᠋  ᠤᠨ ᠠᠯᠳᠠᠷᠲᠤ ᠨᠠᠶᠢᠷᠠᠭᠤᠯᠤᠭᠴᠢ ᠲᠢᠮ ᠪᠶᠤᠷᠲ᠋ᠣᠨ ᠪᠦᠷᠢᠨ ᠬᠡᠮᠵᠢᠶᠡᠨ ᠦ ᠤᠷᠠᠨ ᠰᠠᠶᠢᠬᠠᠨ ᠤ ᠺᠢᠨᠣ᠋ ᠪᠣᠯᠭᠠᠵᠤ ᠪᠠᠶᠢᠭ᠎ᠠ᠃ ᠲᠤᠰ ᠤᠷᠠᠨ ᠪᠦᠲᠦᠭᠡᠯ  ᠳᠦ ᠮᠣᠩᠭᠣᠯ ᠤᠨ ᠼᠢᠷᠺ ᠦᠨ ᠬᠥᠭᠵᠢᠯ ᠦᠨ ᠲᠥᠪ ᠦᠨ ᠤᠷᠠᠨ ᠨᠤᠭᠤᠷᠠᠭᠠᠴᠢ ᠴ∙ᠣᠳᠬᠣᠨᠴᠢᠮᠡᠭ᠂ ᠡ᠊∙ᠠᠷᠢᠭᠤᠨᠴᠢᠮᠡᠭ᠂ ᠪ∙ ᠵᠤᠯᠵᠠᠶᠠᠭ᠎ᠠ᠂ ᠭ∙ᠣᠯᠳᠠᠬᠤ ᠨᠠᠷ ᠲᠤᠰᠠᠯᠠᠬᠤ ᠳᠦᠷᠢ ᠶᠢ ᠪᠦᠲᠦᠭᠡᠭᠰᠡᠨ᠃ ᠮᠣᠩᠭᠣᠯ ᠤᠨ ᠼᠢᠷᠺ ᠦᠨ ᠤᠷᠠᠨ ᠨᠤᠭᠤᠷᠠᠭᠠᠴᠢᠳ  ᠺᠢᠨᠤ᠋ ᠳᠤ ᠲᠣᠭᠯᠠᠬᠤ ᠰᠠᠨᠠᠯ ᠢ 2017 ᠣᠨ ᠤ ᠠᠷᠪᠠᠳᠤᠭᠠᠷ ᠰᠠᠷ᠎ᠠ ᠳᠤ ᠬᠦᠯᠢᠶᠡᠨ ᠠᠪᠴᠠᠢ᠃

ᠰᠡᠳᠬᠢᠭᠳᠡᠯ ᠦᠯᠡᠳᠡᠭᠡᠬᠦ