︽ᠤᠭ᠍ᠶᠤᠲᠤᠯᠤᠭᠠᠢ︾ ᠶᠢᠨ 550 ᠠᠵᠢᠯᠲᠠᠨ ᠳᠤ ᠸᠠᠺᠼᠢᠨ ᠲᠠᠷᠢᠵᠠᠢ | News.MN

︽ᠤᠭ᠍ᠶᠤᠲᠤᠯᠤᠭᠠᠢ︾ ᠶᠢᠨ 550 ᠠᠵᠢᠯᠲᠠᠨ ᠳᠤ ᠸᠠᠺᠼᠢᠨ ᠲᠠᠷᠢᠵᠠᠢ

︽ᠤᠭ᠍ᠶᠤᠲᠤᠯᠤᠭᠠᠢ︾ ᠺᠤᠮᠫᠠᠨᠢ᠍ ᠳᠦ ᠠᠵᠢᠯᠯᠠᠳᠠᠭ ᠭᠠᠳᠠᠭᠠᠳᠤ ᠶᠢᠨ ᠢᠷᠭᠡᠨ ᠤᠯᠠᠭᠠᠨ ᠪᠤᠷᠬᠠᠨ ᠡᠪᠡᠳᠴᠢᠨ ᠢᠶᠡᠷ ᠡᠪᠡᠳᠴᠢᠯᠡᠭᠰᠡᠨ ᠨᠢ ᠯᠠᠪᠤᠷᠠᠲ᠋ᠤᠷᠢ ᠶᠢᠨ ᠰᠢᠨᠵᠢᠯᠡᠭᠡ ᠪᠡᠷ ᠪᠠᠲᠤᠯᠠᠭᠳᠠᠭᠰᠠᠨ ᠪᠢᠯᠡ᠃ ᠡᠨᠡ ᠳᠠᠭᠠᠤ ᠡᠷᠡᠭᠦᠯ ᠮᠡᠨᠳᠦ ᠶᠢᠨ ᠶᠠᠮᠤᠨ ᠂ ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠥᠪ᠂ ᠡᠮᠦᠨᠡᠭᠣᠪᠢ ᠠᠶᠢᠮᠠᠭ ᠤᠨ ᠡᠷᠡᠭᠦᠯ ᠮᠡᠨᠳᠦ ᠶᠢᠨ ᠭᠠᠵᠠᠷ ᠤᠨ ᠬᠠᠮᠲᠤᠷᠠᠭᠰᠠᠨ ᠪᠠᠭ ᠡᠨᠡ ᠰᠠᠷ᠎ᠠ ᠶᠢᠨ 7᠂ 8  ᠳᠤ  ︽ᠤᠭ᠍ᠶᠤᠲᠤᠯᠤᠭᠠᠢ︾  ᠺᠤᠮᠫᠠᠨᠢ ᠳᠤ ᠠᠵᠢᠯᠯᠠᠨ᠂ ᠡᠷᠡᠰᠳᠡᠯ ᠦᠨ ᠬᠠᠮᠲᠤᠷᠠᠭᠰᠠᠨ ᠦᠨᠡᠯᠡᠭᠡ ᠬᠢᠵᠤ᠂ ᠣᠶᠢᠷ᠎ᠠ ᠶᠢᠨ ᠬᠠᠪᠢᠲᠠᠯ ᠢ ᠲᠣᠭᠲᠠᠭᠠᠵᠤ᠂ ᠰᠣᠷᠢᠴᠠ ᠠᠪᠴᠤ ᠯᠠᠪᠤᠷᠠᠲ᠋ᠣᠷᠢ ᠶᠢᠨ ᠰᠢᠨᠵᠢᠯᠡᠭᠡ ᠬᠢᠬᠦ ᠳᠦ ᠬᠠᠯᠳᠠᠪᠤᠷᠢ ᠶᠢᠨ ᠲᠣᠬᠢᠶᠠᠯᠳᠤᠯ ᠢᠯᠡᠷᠡᠭᠡ ᠦᠭᠡᠢ ᠪᠠᠶᠢᠨ᠎ᠠ᠃ ᠮᠥᠨ ᠲᠤᠰ ᠺᠤᠮᠫᠠᠨᠢ ᠭᠠᠳᠠᠭᠠᠳᠤ ᠪᠣᠯᠤᠨ ᠳᠣᠲᠣᠭᠠᠳᠤ ᠶᠢᠨ 700 ᠭᠠᠷᠤᠢ ᠬᠦᠮᠦᠨ ᠳᠦ ᠤᠷᠢᠳᠴᠢᠯᠠᠨ ᠰᠡᠷᠭᠡᠶᠢᠯᠡᠬᠦ ᠦᠵᠡᠯᠭᠡ ᠬᠢᠵᠦ᠂ 550 ᠬᠦᠮᠦᠨ ᠢ ᠤᠯᠠᠭᠠᠨ ᠪᠤᠷᠬᠠᠨ ᠤ ᠡᠰᠡᠷᠭᠦ  ᠳᠠᠷᠬᠠᠯᠠᠭᠠᠵᠢᠭᠤᠯᠤᠯᠲᠠ ᠳᠤ ᠬᠠᠮᠤᠷᠤᠭᠤᠯᠤᠭᠰᠠᠨ ᠪᠠᠶᠢᠨ᠎ᠠ ᠃

ᠰᠡᠳᠬᠢᠭᠳᠡᠯ ᠦᠯᠡᠳᠡᠭᠡᠬᠦ