︽ᠨᠠᠷᠠ ᠬᠦᠰᠡᠭᠰᠡᠨ ᠢᠷᠭᠤᠢ︾ ᠦᠵᠡᠭᠴᠢᠳ ᠦᠨ ᠬᠦᠷᠲᠡᠭᠡᠯ ᠪᠣᠯᠤᠯ᠎ᠠ | News.MN

︽ᠨᠠᠷᠠ ᠬᠦᠰᠡᠭᠰᠡᠨ ᠢᠷᠭᠤᠢ︾ ᠦᠵᠡᠭᠴᠢᠳ ᠦᠨ ᠬᠦᠷᠲᠡᠭᠡᠯ ᠪᠣᠯᠤᠯ᠎ᠠ

ᠭᠣᠪᠢ-ᠠᠯᠲᠠᠢ ᠠᠶᠢᠮᠠᠭ ᠤᠨ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠤᠨ ᠳᠡᠷᠭᠡᠳᠡᠬᠢ  ︽ᠮᠠᠵᠠᠭᠠᠯᠠᠢ︾ ᠬᠡᠦᠬᠡᠳ ᠵᠠᠯᠠᠭᠤᠴᠤᠳ ᠤᠨ ᠲᠢᠶᠠᠲ᠋ᠷ ᠤᠨ ᠰᠢᠨ᠎ᠡ ᠤᠷᠠᠨ ᠪᠦᠲᠦᠭᠡᠯ ︽ᠨᠠᠷᠠ ᠬᠦᠰᠡᠭᠰᠡᠨ ᠢᠷᠭᠤᠢ︾ ᠤᠶᠠᠩᠭ᠎ᠠ ᠶᠢᠨ ᠳ᠋ᠷᠠᠮ ᠤᠨ ᠵᠦᠴᠦᠭᠡ ᠶᠢ ᠠᠮᠵᠢᠯᠲᠠ ᠲᠠᠢ ᠲᠣᠭᠯᠠᠯ᠎ᠠ᠃  ᠲᠥᠯᠥᠪᠯᠡᠭᠡ ᠦᠭᠡᠢ ᠭᠡᠷ ᠪᠦᠯᠢ ᠶᠢᠨ ᠬᠣᠣᠷ ᠤᠷᠰᠢᠭ᠂ ᠭᠡᠷ ᠪᠦᠯᠢ ᠶᠢᠨ ᠦᠨ᠎ᠡ ᠴᠡᠨ᠎ᠡ ᠶᠢ ᠣᠶᠢᠯᠠᠭᠠᠭᠤᠯᠬᠤ ᠵᠣᠷᠢᠯᠭ᠎ᠠ ᠲᠠᠢ ᠡᠨᠡᠬᠦ ᠵᠦᠵᠦᠭᠡ ᠶᠢᠨ ᠵᠣᠬᠢᠶᠠᠯ ᠢ ᠪᠢᠴᠢᠭᠰᠡᠨ ᠬᠡᠮᠡᠨ ᠲᠤᠰ ᠵᠦᠴᠦᠭᠡ ᠶᠢᠨ ᠵᠣᠬᠢᠶᠠᠯᠴᠢ᠂ ᠠᠶᠢᠮᠠᠭ ᠤᠨ ᠭᠡᠷ ᠪᠦᠯᠢ᠂ ᠬᠡᠦᠬᠡᠳ᠂ ᠵᠠᠯᠠᠭᠤᠴᠤᠳ ᠤᠨ ᠬᠥᠭᠵᠢᠯ ᠦᠨ ᠭᠠᠵᠠᠷ ᠤᠨ ᠳᠠᠷᠤᠭ᠎ᠠ ᠰ∙ᠪᠣᠯᠣᠷᠮ᠎ᠠ ᠣᠨᠴᠠᠯᠠᠯ᠎ᠠ᠃ ᠵᠦᠴᠦᠭᠡ ᠶᠢᠨ ᠨᠠᠶᠢᠷᠠᠭᠤᠯᠤᠭᠴᠢ ᠪᠠᠷ ᠨ᠂ ᠪᠠᠰᠠᠩᠵᠢᠷᠭᠠᠯ᠂ ᠭᠣᠣᠯ ᠳᠦᠷᠢ ᠳᠦ ᠵᠦᠴᠦᠭᠡᠴᠢᠨ ᠨ∙ᠣᠳᠣᠨᠪᠠᠭᠠᠲᠤᠷ᠂ ᠵᠦᠴᠦᠭᠡᠴᠢᠨ ᠠ᠊∙ᠰᠠᠷᠠᠨᠲᠤᠶᠠᠭ᠎ᠠ᠂ ᠵᠦᠴᠦᠭᠡᠴᠢᠨ ᠰ∙ᠰᠤᠪᠤᠳᠮ᠎ᠠ᠂ ᠵᠦᠴᠦᠭᠡᠴᠢᠨ ᠪ∙ᠠᠳ᠋ᠢᠶ᠎ᠠ ᠨᠠᠷ ᠲᠣᠭᠯᠠᠵᠠᠢ᠃

︽ᠨᠠᠷᠠ ᠬᠦᠰᠡᠭᠰᠡᠨ ᠢᠷᠭᠤᠢ︾ ᠤᠶᠠᠩᠭ᠎ᠠ ᠶᠢᠨ ᠳ᠋ᠷᠠᠮ ᠤᠨ ᠵᠦᠵᠦᠭᠡ ᠨᠢ ︽ᠮᠠᠵᠠᠭᠠᠯᠠᠢ︾ ᠲᠢᠶᠠᠲ᠋ᠷ ᠤᠨ  ᠳᠦᠷᠪᠡᠳᠡᠬᠢ ᠤᠷᠠᠨ ᠪᠦᠲᠦᠭᠡᠯ ᠪᠥᠭᠡᠳ ᠡᠮᠦᠨ᠎ᠡ ᠨᠢ ︽ᠡᠵᠢ ᠡ︾᠂ ︽ᠠᠯᠲᠠᠨ ᠬᠥᠷᠰᠢ︾᠂ ︽ᠰᠢᠳᠢᠲᠦ ᠳᠡᠷ᠎ᠡ︾ ᠵᠦᠵᠦᠭᠡ ᠨᠦᠭᠦᠳ ᠲᠠᠶᠢᠰᠠᠨ᠎ᠠ ᠲᠠᠯᠪᠢᠭᠳᠠᠵᠤ ᠪᠠᠶᠢᠭᠰᠠᠨ ᠶᠤᠮ᠃ ᠤᠭ ᠵᠦᠴᠦᠭᠡ ᠨᠢ ᠰᠢᠨ᠎ᠡ ᠳᠠᠭᠤᠤ᠂ ᠰᠢᠨ᠎ᠡ ᠺᠯᠢᠫ ᠲᠡᠢ ᠪᠣᠯᠵᠤ ᠦᠵᠡᠭᠴᠢᠳ ᠦᠨ ᠬᠦᠷᠲᠡᠭᠡᠯ ᠪᠣᠯᠤᠭᠰᠠᠨ᠂ ᠭᠣᠪᠢ-ᠠᠯᠲᠠᠢ ᠠᠶᠢᠮᠠᠭ ᠠᠴᠠ ᠲᠥᠷᠥᠨ ᠭᠠᠷᠤᠭᠰᠠᠨ ᠰᠢᠨ᠎ᠡ ᠵᠠᠯᠠᠭᠤ ᠵᠦᠴᠦᠭᠡᠴᠢᠳ ᠢ  ᠲᠤᠭᠯᠠᠭᠤᠯᠤᠭᠰᠠᠨ ᠢᠶᠠᠷ ᠢᠶᠠᠨ ᠣᠨᠴᠠᠯᠢᠭ ᠲᠠᠢ ᠶᠤᠮ᠃

ᠰᠡᠳᠬᠢᠭᠳᠡᠯ ᠦᠯᠡᠳᠡᠭᠡᠬᠦ