ᠨᠡᠶᠢᠲᠡ ᠶᠢᠨ ᠮᠠᠷᠠᠹᠣᠨ ᠳᠤ 200 ᠭᠠᠷᠤᠢ ᠲᠠᠮᠢᠷᠴᠢᠨ ᠤᠷᠤᠯᠴᠠᠪᠠ | News.MN

ᠨᠡᠶᠢᠲᠡ ᠶᠢᠨ ᠮᠠᠷᠠᠹᠣᠨ ᠳᠤ 200 ᠭᠠᠷᠤᠢ ᠲᠠᠮᠢᠷᠴᠢᠨ ᠤᠷᠤᠯᠴᠠᠪᠠ

ᠮᠣᠩᠭᠣᠯ ᠴᠡᠷᠢᠭ ᠦᠨ 98 ᠵᠢᠯ ᠦᠨ ᠣᠢ ᠶᠢ ᠤᠭᠲᠤᠨ ᠪᠠᠶᠠᠨᠬᠣᠩᠭᠣᠷ ᠠᠶᠢᠮᠠᠭ ᠤᠨ ᠴᠡᠷᠢᠭ ᠦᠨ ᠱᠲ᠋ᠠᠪ ᠠᠴᠠ ᠤᠯᠠᠮᠵᠢᠯᠠᠯ ᠪᠣᠯᠭᠠᠨ  ᠭᠤᠷᠪᠠᠳᠠᠬᠢ ᠵᠢᠯ ᠳᠦ ᠪᠡᠨ ᠵᠣᠬᠢᠶᠠᠨ ᠪᠠᠶᠢᠭᠤᠯᠵᠤ ᠪᠤᠢ ᠪᠦᠬᠦ ᠨᠡᠶᠢᠲᠡ ᠶᠢᠨ ᠮᠠᠷᠠᠹᠣᠨ ᠭᠦᠶᠦᠯᠲᠡ ᠥᠨᠥᠳᠥᠷ ᠪᠣᠯᠤᠯ᠎ᠠ᠃
ᠮᠠᠷᠠᠹᠣᠨ ᠳᠤ 200 ᠭᠠᠷᠤᠢ ᠲᠠᠮᠢᠷᠴᠢᠨ ᠰᠠᠶᠢᠨ ᠳᠤᠷ᠎ᠠ ᠪᠠᠷ ᠢᠶᠠᠨ ᠣᠷᠣᠯᠴᠠᠵᠤ᠂ ᠬᠤᠷᠳᠤ ᠬᠦᠴᠦ ᠪᠡᠨ ᠰᠣᠷᠢᠭᠰᠠᠨ ᠶᠤᠮ᠃ ᠭᠦᠶᠦᠯᠲᠡ ᠶᠢᠨ ᠲᠡᠮᠡᠴᠡᠭᠡᠨ ᠴᠡᠷᠢᠭ ᠦᠨ᠂ ᠡᠩ ᠦᠨ ᠡᠷᠡᠭᠲᠡᠢ᠂ ᠡᠩ ᠦᠨ ᠡᠮᠡᠭᠲᠡᠢ ᠲᠥᠷᠥᠯ ᠢᠶᠡᠷ ᠠᠪᠤᠷᠭᠤ ᠨᠤᠭᠤᠳ ᠢᠶᠠᠨ ᠰᠢᠯᠭᠠᠷᠠᠭᠤᠯᠪᠠ᠃ ᠴᠡᠷᠢᠭ ᠦᠨ ᠡᠷᠡᠭᠲᠡᠢ ᠲᠥᠷᠥᠯ ᠳᠦ ᠪ∙ᠳᠠᠸᠠᠵᠢᠷᠭᠠᠯ  ︵ᠵᠡᠪᠰᠡᠭᠲᠦ ᠬᠦᠴᠦᠨ ᠦ 339  ᠳ᠋ᠤᠭᠡᠷ ᠠᠩᠭᠢ︶ ᠲᠦᠷᠦᠭᠦᠯᠡᠵᠦ᠂ ᠪ∙ᠳᠠᠩᠰᠦ᠋ᠷᠦᠩ ︵ᠴᠠᠭᠳᠠᠭ᠎ᠠ ᠶᠢᠨ ᠭᠠᠵᠠᠷ︶᠂ ᠨ∙ᠭᠠᠩᠲᠡᠮᠦᠷ ︵ᠣᠨᠴᠠᠭᠠᠢ ᠪᠠᠶᠢᠳᠠᠯ ᠤᠨ ᠭᠠᠵᠠᠷ︶ ᠨᠠᠷ ᠤᠳᠠᠭᠠᠯᠠᠭᠰᠠᠨ ᠪᠠᠶᠢᠨ᠎ᠠ᠃ ᠡᠩ ᠦᠨ ᠡᠷᠡᠭᠲᠡᠢ ᠲᠥᠷᠥᠯ ᠳᠦ ᠨᠢᠭᠡᠳᠦᠭᠡᠷ ᠪᠠᠶᠢᠷᠢ ᠳᠤ ᠨ᠂ ᠦᠰᠬᠦᠪᠠᠶᠠᠷ ︵ᠨᠣᠮᠤᠨ ᠳᠠᠯᠠᠢ ᠴᠣᠭᠴᠠᠯᠠᠪᠤᠷᠢ ᠰᠤᠷᠭᠠᠭᠤᠯᠢ︶ ᠂ ᠡᠮᠡᠭᠲᠡᠢ ᠲᠥᠷᠥᠯ ᠳᠦ ᠮ∙ᠡᠩᠬᠡᠵᠠᠶᠠᠭ᠎ᠠ ︵ᠪᠡᠶ᠎ᠡ ᠶᠢᠨ ᠲᠠᠮᠢᠷ ᠰᠫᠣᠷᠲ ᠤᠨ ᠭᠠᠵᠠᠷ︶ ᠲᠡᠷᠢᠭᠦᠯᠡᠵᠡᠢ ᠃

ᠰᠡᠳᠬᠢᠭᠳᠡᠯ ᠦᠯᠡᠳᠡᠭᠡᠬᠦ