ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠡᠮᠦᠨᠡᠲᠦ ᠰᠦᠳᠠᠨ ᠤᠯᠤᠰ ᠳᠠᠬᠢ ᠡᠩᠬᠡ ᠶᠢ ᠰᠠᠬᠢᠭᠤᠯᠬᠤ ᠠᠵᠢᠯᠯᠠᠭᠠᠨ ᠳᠤ ᠮᠠᠨ ᠤ ᠤᠯᠤᠰ ᠤᠨ ᠨᠠᠢᠮᠠᠳᠤᠭᠠᠷ ᠡᠭᠡᠯᠵᠢ ᠶᠢᠨ ᠴᠡᠷᠢᠭ ᠦᠨ ᠪᠠᠭ ᠤᠨ ᠬᠢᠨ ᠡᠭᠦᠷᠭᠡ ᠭᠦᠢᠴᠡᠳᠭᠡᠵᠦ ᠪᠠᠶᠢᠭ᠎ᠠ᠃ ᠲᠡᠭᠡᠪᠡᠯ ᠲᠡᠳᠡᠨ ᠲᠡᠢ ᠠᠭᠤᠯᠵᠠᠬᠤ ᠪᠠᠷ ᠶᠡᠷᠦᠩᠬᠡᠢ ᠰᠠᠶᠢᠳ ᠤ᠊∙ᠬᠦᠷᠡᠯᠰᠦ᠋ᠬᠡ ᠲᠡᠷᠢᠭᠦᠲᠡᠢ ᠠᠯᠪᠠᠨ ᠤ ᠬᠢᠨ ᠂ ᠪᠠᠲᠤᠯᠠᠨ ᠬᠠᠮᠠᠭᠠᠯᠠᠬᠤ ᠰᠠᠯᠪᠤᠷᠢ ᠶᠢᠨ ᠬᠢᠨ ᠡᠮᠦᠨᠡᠲᠦ ᠰᠦᠳᠠᠨ ᠤᠯᠤᠰ ᠢ ᠵᠣᠷᠢᠵᠠᠢ᠃
ᠮᠠᠨ ᠤ ᠤᠯᠤᠰ 2012 ᠣᠨ ᠠᠴᠠ ᠲᠤᠰ ᠤᠯᠤᠰ ᠲᠤ ᠡᠩᠬᠡ ᠶᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ ᠡᠬᠢᠯᠡᠭᠰᠡᠨ ᠲᠡᠳᠦᠢ ᠦᠭᠡᠢ 850 ᠬᠦᠮᠦᠨ ᠦ ᠪᠦᠷᠢᠯᠳᠦᠬᠦᠨ ᠲᠡᠢ ᠨᠠᠢᠮᠠ ᠳ᠋ᠡᠬᠢ ᠡᠭᠡᠯᠵᠢ ᠶᠢᠨ ᠪᠠᠲ᠋ᠯᠢᠶᠣᠨ ᠡᠭᠦᠷᠭᠡ ᠪᠡᠨ ᠠᠮᠵᠢᠯᠲᠠ ᠲᠠᠢ ᠭᠦᠢᠴᠡᠳᠭᠡᠵᠦ ᠪᠠᠶᠢᠭ᠎ᠠ ᠶᠤᠮ᠃ ᠡᠮᠦᠨ᠎ᠡ ᠨᠢ ᠶᠡᠷᠦᠩᠬᠡᠶᠢᠯᠡᠭᠴᠢ ᠠᠰᠠᠨ ᠴ∙ᠡᠯᠪᠡᠭᠳᠣᠷᠵᠢ 2013 ᠣᠨ ᠳᠤ ᠡᠮᠦᠨᠡᠲᠦ ᠰᠦᠳᠠᠨ ᠳᠤ ᠠᠶᠢᠯᠴᠢᠯᠠᠵᠤ᠂ ᠡᠩᠬᠡ ᠶᠢ ᠰᠠᠬᠢᠭᠤᠯᠬᠤ ᠠᠵᠢᠯᠯᠠᠭᠠᠨ ᠤ ᠶᠠᠪᠤᠴᠠ ᠲᠠᠢ ᠲᠠᠨᠢᠯᠴᠠᠵᠤ ᠪᠠᠶᠢᠭᠰᠠᠨ ᠶᠤᠮ᠃