ᠸᠢᠶᠧᠲ᠋ᠨᠠᠮ᠂ ᠯᠠᠦ᠋ᠰ ᠲᠤ ᠮᠢᠬ᠎ᠠ ᠭᠠᠷᠭᠠᠬᠤ ᠪᠠᠷ ᠲᠣᠬᠢᠷᠠᠯᠴᠠᠪᠠ | News.MN

ᠸᠢᠶᠧᠲ᠋ᠨᠠᠮ᠂ ᠯᠠᠦ᠋ᠰ ᠲᠤ ᠮᠢᠬ᠎ᠠ ᠭᠠᠷᠭᠠᠬᠤ ᠪᠠᠷ ᠲᠣᠬᠢᠷᠠᠯᠴᠠᠪᠠ

ᠮᠢᠬᠠᠨ ᠤ ᠡᠺᠰᠫᠣᠷᠲ ᠤᠨ ᠡᠷᠡᠰᠳᠡᠯ ᠦᠨ ᠦᠨᠡᠯᠡᠭᠡ ᠬᠢᠬᠦ ᠪᠦᠭᠦᠳᠡ ᠨᠠᠶᠢᠷᠠᠮᠳᠠᠬᠤ ᠰᠤᠽᠢᠶᠠᠯᠢᠰᠲ ᠸᠢᠶᠧᠲ᠋ᠨᠠᠮ ᠤᠯᠤᠰ ᠤᠨ ᠠᠵᠢᠯ ᠤᠨ ᠬᠡᠰᠡᠭ ᠮᠠᠨ ᠤ ᠤᠯᠤᠰ ᠲᠤ ᠢᠷᠡᠵᠦ ᠠᠵᠢᠯᠯᠠᠬᠤ ᠪᠠᠷ ᠪᠣᠯᠤᠯ᠎ᠠ᠃  ᠮᠣᠩᠭᠣᠯ ᠸᠢᠶᠧᠲ᠋ᠨᠠᠮ ᠤᠨ ᠵᠠᠰᠠᠭ ᠤᠨ ᠭᠠᠵᠠᠷ ᠬᠣᠭᠣᠷᠣᠨᠳᠣ ᠶᠢᠨ ᠺᠣᠮᠢᠰ ᠤᠨ 16 ᠳ᠋ᠤᠭᠠᠷ ᠬᠤᠷᠠᠯᠳᠤᠭᠠᠨ ᠢᠶᠠᠷ ᠲᠣᠬᠢᠷᠠᠯᠴᠠᠭᠰᠠᠨ ᠤ ᠳᠠᠭᠠᠤ ᠮᠣᠩᠭᠣᠯ ᠡᠴᠡ ᠸᠢᠶᠧᠲ᠋ᠨᠠᠮ  ᠳᠦ ᠡᠺᠰᠫᠣᠷᠲᠯᠠᠬᠤ ᠭᠦᠨ ᠬᠥᠯᠳᠡᠭᠡᠭᠰᠡᠨ ᠬᠣᠨᠢ᠂ ᠢᠮᠠᠭ᠎ᠠ᠂ ᠠᠳᠤᠭᠤ ᠪᠣᠯᠤᠨ ᠦᠬᠡᠷ ᠦᠨ ᠮᠢᠬᠠᠨ ᠤ ᠲᠠᠯ᠎ᠠ ᠪᠠᠷ  ᠶᠠᠷᠢᠯᠴᠠᠭᠰᠠᠨ ᠪᠠ ᠸᠢᠶᠧᠲ᠋ᠨᠠᠮ ᠠᠴᠠ ᠣᠯᠠᠨ ᠤᠯᠤᠰ ᠤᠨ ᠰᠲ᠋ᠠᠨᠳᠠᠷᠲ ᠢ ᠬᠠᠩᠭᠠᠭᠰᠠᠨ ᠡᠷᠡᠭᠦᠯ᠂ ᠠᠶᠤᠯᠭᠦᠢ ᠲᠠᠬᠢᠶ᠎ᠠ᠂ ᠳᠠᠯᠠᠢ ᠶᠢᠨ ᠪᠦᠲᠦᠭᠡᠭᠳᠡᠬᠦᠨ ᠢ ᠮᠣᠩᠭᠣᠯ ᠤᠯᠤᠰ ᠲᠤ ᠨᠡᠶᠢᠯᠡᠭᠦᠯᠬᠦ ᠲᠠᠯ᠎ᠠ ᠪᠠᠷ ᠲᠣᠬᠢᠷᠠᠯᠴᠠᠭᠰᠠᠨ ᠪᠠᠶᠢᠨ᠎ᠠ᠃
ᠮᠦᠨ ᠯᠠᠦ᠋ᠰ ᠤᠯᠤᠰ ᠤᠨ ᠮᠠᠯ ᠡᠮᠨᠡᠯᠭᠡ ᠶᠢᠨ ᠶᠡᠷᠦᠩᠬᠡᠢ ᠭᠠᠵᠠᠷ ᠲᠠᠢ ᠬᠠᠮᠲᠤᠷᠠᠨ ᠠᠵᠢᠯᠯᠠᠬᠤ ᠬᠡᠯᠡᠯᠴᠡᠭᠡᠷ  ᠪᠠᠶᠢᠭᠤᠯᠵᠤ᠂ ᠮᠣᠩᠭᠣᠯ ᠤᠯᠤᠰ ᠠᠴᠠ ᠯᠠᠦ᠋ᠰ ᠲᠤ ᠨᠡᠶᠢᠯᠡᠭᠦᠯᠬᠦ ᠭᠦᠨ ᠬᠥᠯᠳᠡᠭᠡᠭᠰᠡᠨ ᠮᠢᠬ᠎ᠠ᠂ ᠮᠢᠬᠠᠨ ᠪᠦᠲᠦᠭᠡᠭᠳᠡᠬᠦᠨ ᠦ ᠮᠠᠯ ᠡᠮᠨᠡᠯᠭᠡ ᠶᠢᠨ ᠬᠣᠷᠢᠭ᠎ᠠ ᠴᠡᠭᠡᠷ ᠦᠨ ᠠᠰᠠᠭᠤᠳᠠᠯ ᠢᠶᠠᠷ ᠲᠣᠬᠢᠷᠠᠯᠴᠠᠭᠠᠨ ᠳᠤ ᠬᠦᠷᠴᠦ᠂  ᠬᠠᠷᠢᠯᠴᠠᠨ ᠪᠦᠲᠦᠭᠡᠭᠳᠡᠬᠦᠨ ᠨᠡᠶᠢᠯᠡᠭᠦᠯᠬᠦ ᠪᠡᠷ ᠪᠣᠯᠪᠠ᠃ ᠯᠠᠦ᠋ᠰ ᠤᠯᠤᠰ ᠲᠤ ᠡᠮᠦᠨ᠎ᠡ ᠨᠢ ᠬᠦᠮᠦᠯᠢᠭ ᠦᠨ ᠲᠤᠰᠠᠯᠠᠮᠵᠢ ᠪᠠᠷ 1050 ᠬᠣᠨᠢ ᠪᠡᠯᠡᠭᠯᠡᠭᠰᠡᠨ ᠪᠠᠶᠢᠳᠠᠭ᠃ ᠮᠠᠨ ᠤ ᠮᠠᠯ ᠤᠨ ᠡᠮᠴᠢ᠂ ᠮᠠᠯ ᠵᠦᠢᠴᠢ ᠮᠡᠷᠭᠡᠵᠢᠯ ᠦᠨ ᠵᠢᠭᠠᠪᠤᠷᠢ᠂ ᠵᠥᠪᠯᠡᠮᠵᠢ ᠥᠭᠴᠦ ᠲᠡᠨᠳᠡ ᠠᠵᠢᠯᠯᠠᠵᠤ ᠪᠠᠶᠢᠭ᠎ᠠ ᠪᠥᠭᠡᠳ ᠣᠳᠣ ᠶᠢᠨ ᠪᠠᠶᠢᠳᠠᠯ ᠢᠶᠠᠷ 80 ᠣᠷᠴᠢᠮ ᠲᠥᠯ ᠬᠦᠯᠢᠶᠡᠨ ᠠᠪᠤᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ