︽ᠮᠣᠩᠭᠣᠯ ᠤᠨ ᠡᠳᠦᠷ ᠦᠳ ᠬᠤᠶᠢᠳᠤ ᠠᠮᠧᠷᠢᠺᠠ ᠳᠤ-2019︾ ᠦᠵᠡᠰᠬᠦᠯᠡᠩ ᠬᠤᠳᠠᠯᠳᠤᠭ᠎ᠠ ᠪᠢᠽᠢᠨᠧᠰ ᠹᠣᠷᠣᠮ ᠢᠷᠡᠬᠦ ᠳᠥᠷᠪᠡᠳᠦᠭᠡᠷ ᠰᠠᠷ᠎ᠠ ᠶᠢᠨ 23 ᠍ ᠳᠦ ᠪᠣᠯᠤᠨ᠎ᠠ ᠃ ᠲᠣᠳᠣᠷᠠᠭᠤᠯᠪᠠᠯ᠂ ᠳᠥᠷᠪᠡᠳᠦᠭᠡᠷ ᠰᠠᠷ᠎ᠠ ᠶᠢᠨ 23-26 ᠍ ᠳᠦ ᠸᠠᠰᠢᠩᠲ᠋ᠣᠨ ᠳᠤ ᠳᠡᠯᠡᠬᠡᠢ ᠶᠢᠨ ᠪᠠᠩᠬᠢᠨ ᠤ ᠦᠨᠳᠦᠰᠦᠨ ᠴᠣᠭᠴᠠᠯᠠᠪᠤᠷᠢ ᠳᠤ ︽ᠮᠣᠩᠭᠣᠯ ᠳᠤ ᠦᠢᠯᠡᠳᠪᠦᠷᠢᠯᠡᠪᠡ-2019︾ ᠦᠵᠡᠰᠬᠦᠯᠡᠩ ᠬᠤᠳᠠᠯᠳᠤᠭ᠎ᠠ᠂ ᠪᠢᠽᠢᠨᠧᠰ ᠹᠣᠷᠣᠮ᠂ ᠰᠤᠷᠭᠠᠯᠲᠠ ᠰᠧᠮᠢᠨᠠᠷ᠂ ᠮᠣᠩᠭᠣᠯ ᠤᠨ ᠢᠵᠠᠭᠤᠷ ᠤᠷᠠᠯᠢᠭ ᠤᠨ ᠲᠣᠭᠯᠠᠯᠲᠠ᠂ ᠺᠢᠨᠣ᠋ ᠦᠵᠡᠪᠦᠷᠢ ᠦᠢᠯᠡᠴᠢᠯᠡᠭᠡ᠂ ᠵᠠᠭᠪᠤᠷ ᠤᠨ ᠦᠵᠡᠭᠦᠯᠦᠯᠭᠡ ᠲᠤᠰ ᠲᠤᠰ ᠪᠣᠯᠵᠤ᠂ ︽ᠤᠷᠠᠯᠢᠭ ᠢᠶᠠᠷ ᠰᠢᠨᠡᠴᠢᠯᠡᠬᠦᠢ︾ ᠮᠣᠩᠭᠣᠯ ᠤᠨ ᠤᠷᠠᠨ ᠪᠦᠲᠦᠭᠡᠯᠴᠢᠳ ᠦᠨ ᠦᠵᠡᠰᠬᠦᠯᠡᠩ ᠭᠠᠷᠬᠤ ᠭᠡᠵᠦ ᠪᠠᠶᠢᠨ᠎ᠠ᠃ ᠬᠠᠷᠢᠨ ᠳᠥᠷᠪᠡᠳᠦᠭᠡᠷ ᠰᠠᠷ᠎ᠠ ᠶᠢᠨ 28-30 ᠍ ᠳᠦ ᠺᠠᠨᠠᠳᠠ ᠶᠢᠨ ᠲᠤᠷᠤᠨᠲ᠋ᠤ᠋ ᠪᠣᠯᠤᠨ ᠤᠲᠲ᠋ᠠᠸᠠ ᠬᠤᠳᠠ ᠳᠤ ᠠᠷᠠᠰᠤ᠂ ᠰᠢᠷᠢᠨ ᠪᠦᠲᠦᠭᠡᠭᠳᠡᠬᠦᠨ ᠦᠢᠯᠡᠳᠪᠦᠷᠢᠯᠡᠭᠴᠢᠳ ᠦᠨ ᠦᠵᠡᠰᠬᠦᠯᠡᠩ ᠬᠤᠳᠠᠯᠳᠤᠭ᠎ᠠ᠂ ᠮᠣᠩᠭᠣᠯ ᠺᠠᠨᠠᠳᠠ ᠶᠢᠨ ᠪᠢᠽᠢᠨᠧᠰ ᠹᠣᠷᠣᠮ ᠲᠤᠰ ᠲᠤᠰ ᠪᠣᠯᠤᠨ᠎ᠠ᠃ ᠳᠡᠯᠡᠬᠡᠢ ᠶᠢᠨ ᠪᠠᠩᠬᠢᠨ ᠤ ᠳᠡᠮᠵᠢᠯᠭᠡ ᠲᠡᠢ ᠪᠡᠷ ᠪᠣᠯᠬᠤ ︽ᠮᠣᠩᠭᠣᠯ ᠳᠤ ᠦᠢᠯᠡᠳᠪᠦᠷᠢᠯᠡᠪᠡ-2019︾ ᠦᠵᠡᠰᠬᠦᠯᠡᠩ ᠬᠤᠳᠠᠯᠳᠤᠭ᠎ᠠ᠂ ᠹᠣᠷᠣᠮ ᠤᠨ ᠦᠶ᠎ᠡ ᠪᠡᠷ ᠠᠮᠧᠷᠢᠺᠠ ᠶᠢᠨ ᠵᠠᠬ᠎ᠠ ᠵᠡᠭᠡᠯᠢ ᠳᠦ ᠡᠺᠰᠫᠣᠷᠲᠯᠠᠬᠤ ᠭᠣᠣᠯ ᠨᠡᠷ᠎ᠡ ᠶᠢᠨ ᠪᠠᠷᠠᠭ᠎ᠠ ᠪᠦᠲᠦᠭᠡᠭᠳᠡᠬᠦᠨ ᠢ ᠲᠠᠨᠢᠯᠴᠠᠭᠤᠯᠵᠤ᠂ ᠬᠡᠷᠡᠭᠯᠡᠭᠡ᠂ ᠵᠠᠬ᠎ᠠ ᠵᠡᠭᠡᠯᠢ ᠶᠢᠨ ᠪᠣᠯᠤᠮᠵᠢ ᠶᠢᠨ ᠲᠠᠯ᠎ᠠ ᠪᠠᠷ ᠬᠡᠯᠡᠯᠴᠡᠵᠦ᠂ ᠠᠮᠧᠷᠢᠺᠠ ᠶᠢᠨ ᠬᠤᠳᠠᠯᠳᠤᠭᠠᠨ ᠳᠤ ᠲᠠᠯᠪᠢᠳᠠᠭ ᠱᠠᠭᠠᠷᠳᠠᠯᠭ᠎ᠠ᠂ ᠲᠠᠲᠠᠪᠤᠷᠢ ᠪᠣᠯᠤᠨ ᠵᠠᠬ᠎ᠠ ᠵᠡᠭᠡᠯᠢ ᠶᠢᠨ ᠪᠦᠲᠦᠴᠡ ᠶᠢ ᠲᠠᠨᠢᠯᠴᠠᠭᠤᠯᠤᠨ᠎ᠠ ᠭᠡᠵᠦ ᠵᠣᠬᠢᠶᠠᠨ ᠪᠠᠶᠢᠭᠤᠯᠤᠭᠴᠢ ᠮᠡᠳᠡᠭᠡᠯᠡᠵᠦ ᠪᠠᠶᠢᠨ᠎ᠠ᠃