︽ᠳᠡᠯᠭᠡᠷᠡᠬᠦ︾ ᠢᠮᠠᠭ᠎ᠠ ᠶᠢ ᠣᠮᠤᠭ ᠢᠶᠠᠷ ᠪᠠᠲᠤᠯᠠᠭᠠᠵᠢᠭᠤᠯᠤᠯ᠎ᠠ | News.MN

︽ᠳᠡᠯᠭᠡᠷᠡᠬᠦ︾ ᠢᠮᠠᠭ᠎ᠠ ᠶᠢ ᠣᠮᠤᠭ ᠢᠶᠠᠷ ᠪᠠᠲᠤᠯᠠᠭᠠᠵᠢᠭᠤᠯᠤᠯ᠎ᠠ

ᠠᠰᠢᠭ ᠰᠢᠮ᠎ᠡ ᠰᠠᠶᠢᠲᠠᠢ ᠳᠡᠯᠭᠡᠷᠡᠬᠦ ᠤᠯᠠᠭᠠᠨ ᠢᠮᠠᠭ᠎ᠠ ᠭᠠᠷᠭᠠᠵᠤ ᠠᠪᠬᠤ ᠰᠤᠳᠤᠯᠭᠠᠨ ᠤ ᠠᠵᠢᠯ ᠪᠦᠲᠦᠮᠵᠢᠲᠡᠢ ᠪᠣᠯᠵᠤ᠂ ᠡᠨᠡ ᠣᠨ ᠤ ᠭᠤᠷᠪᠠᠳᠤᠭᠠᠷ ᠰᠠᠷ᠎ᠠ ᠶᠢᠨ 07 ᠳᠦ ᠪᠣᠯᠤᠭᠰᠠᠨ ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠰᠠᠶᠢᠳ ᠤᠨ ᠵᠥᠪᠯᠡᠯ ᠦᠨ ᠬᠤᠷᠠᠯ ᠢᠶᠠᠷ ᠳᠡᠭᠡᠷᠡᠬᠢ ᠤᠯᠠᠭᠠᠨ ᠢᠮᠠᠭ᠎ᠠ ᠶᠢ ᠣᠮᠤᠭ ᠢᠶᠠᠷ ᠪᠠᠲᠤᠯᠠᠭᠠᠵᠢᠭᠤᠯᠵᠠᠢ᠃ ᠳᠣᠷᠣᠨᠠᠭᠣᠪᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠳᠡᠯᠭᠡᠷᠡᠬᠦ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠬᠥᠳᠡᠭᠡ ᠠᠵᠤ ᠠᠬᠤᠢ ᠶᠢᠨ ᠰᠠᠯᠪᠤᠷᠢ ᠳᠤ  ᠪᠷᠡᠨᠳ᠋ ᠪᠦᠲᠦᠭᠡᠭᠳᠡᠬᠦᠨ ᠪᠤᠢ ᠪᠣᠯᠭᠠᠬᠤ᠂ ︽ᠳᠡᠯᠭᠡᠷᠡᠬᠦ︾ ᠣᠮᠤᠭ ᠤᠨ ᠠᠰᠢᠭ ᠰᠢᠮ᠎ᠡ ᠰᠠᠶᠢᠲᠠᠢ ᠢᠮᠠᠭ᠎ᠠ ᠭᠠᠷᠭᠠᠵᠤ ᠠᠪᠬᠤ ᠪᠠᠷ ᠠᠩᠬ᠎ᠠ 2010 ᠣᠨ ᠳᠤ ᠤᠯᠤᠰ ᠤᠨ ᠮᠠᠯ ᠠᠵᠤ ᠠᠬᠤᠢ᠂ ᠡᠷᠳᠡᠮ ᠰᠢᠨᠵᠢᠯᠡᠭᠡᠨ ᠦ ᠬᠦᠷᠢᠶᠡᠯᠡᠩ ᠲᠡᠢ ᠬᠠᠮᠲᠤᠷᠠᠨ ᠠᠵᠢᠯᠯᠠᠵᠤ ᠰᠤᠳᠤᠯᠭ᠎ᠠ ᠬᠢᠵᠦ ᠡᠬᠢᠯᠡᠭᠰᠡᠨ ᠡᠴᠡ ᠬᠣᠶᠢᠰᠢᠬᠢ ᠶᠢᠰᠦᠨ ᠵᠢᠯ ᠦᠨ ᠬᠠᠮᠲᠤ ᠶᠢᠨ ᠠᠵᠢᠯᠯᠠᠭᠠᠨ ᠤ ᠦᠷ᠎ᠡ ᠳ᠋ᠦᠩ ᠡᠶᠢᠨ ᠭᠠᠷᠴᠤ ᠪᠠᠶᠢᠨ᠎ᠠ ᠃

ᠡᠳᠦᠭᠡ ᠳᠣᠷᠣᠨᠠᠭᠣᠪᠢ ᠠᠶᠢᠮᠠᠭ ᠤᠨ ᠳᠡᠯᠭᠡᠷᠡᠬᠦ ᠰᠤᠮᠤᠨ ᠳᠤ ᠤᠯᠠᠭᠠᠨ ᠢᠮᠠᠭ᠎ᠠ ᠶᠢ ᠮᠠᠯᠯᠠᠵᠤ ᠪᠤᠢ 25 ᠰᠠᠭᠤᠷᠢ ᠪᠤᠶᠤ 25 ᠡᠷᠦᠬᠡ ᠪᠠᠶᠢᠭ᠎ᠠ ᠪᠥᠭᠡᠳ ᠲᠡᠳᠡᠭᠡᠷ ᠮᠠᠯᠴᠢᠨ ᠤ ᠳᠤ ᠨᠡᠶᠢᠲᠡ 11 ᠮᠢᠩᠭ᠎ᠠ ᠭᠠᠷᠤᠢ ᠢᠮᠠᠭ᠎ᠠ ᠪᠤᠢ᠃ ᠤᠯᠠᠭᠠᠨ ᠢᠮᠠᠭᠠᠨ ᠤ ᠨᠤᠯᠤᠤᠷ ᠨᠢ ᠵᠢᠷ ᠦᠨ ᠢᠮᠠᠭᠠᠨ ᠤ ᠬᠢ ᠠᠴᠠ ᠬᠡᠳᠦ ᠳ᠋ᠠᠬᠢᠨ ᠢᠯᠡᠭᠦᠦ 13-15 ᠮᠢᠺᠷᠣᠨ ᠲᠠᠢ᠂ ᠵᠢᠭᠳᠡ ᠃ ᠢᠮᠠᠭ᠎ᠠ ᠨᠢ ᠳᠠᠰᠤᠨ ᠵᠣᠬᠢᠴᠠᠬᠤ ᠴᠢᠳᠠᠪᠤᠷᠢ ᠰᠠᠶᠢᠲᠠᠢ᠂ ᠲᠣᠪᠠᠷᠯᠢᠭ ᠠᠰᠢᠭ ᠰᠢᠮ᠎ᠡ ᠰᠠᠶᠢᠲᠠᠢ᠂ ᠠᠮᠢᠳᠤ ᠶᠢᠨ ᠵᠢᠩ ᠨᠢ ᠴᠤ ᠵᠢᠷ ᠦᠨ ᠬᠢ ᠡᠴᠡ ᠢᠯᠡᠭᠦᠦ ᠶᠤᠮ᠃ ᠬᠡᠷᠪᠡ ᠢᠮᠠᠭᠠᠨ ᠤ ᠴᠥᠮ᠎ᠡ ᠰᠦᠷᠦᠭ 40 ᠭᠠᠷᠤᠢ ᠮᠢᠩᠭᠠᠨ ᠲᠣᠯᠣᠭᠠᠢ ᠬᠦᠷᠪᠡᠯ ᠡᠭᠦᠯᠳᠡᠷ ᠢᠶᠡᠷ ᠪᠠᠲᠤᠯᠠᠭᠠᠵᠢᠭᠤᠯᠬᠤ ᠪᠣᠯᠤᠮᠵᠢ ᠲᠠᠢ  ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ