ᠤᠯᠤᠰ ᠤᠨ ᠶᠡᠬᠡ ᠬᠤᠷᠠᠯ ᠤᠨ ᠭᠡᠰᠢᠭᠦᠨ᠂ ᠬᠠᠤᠯᠢ ᠵᠦᠢ ᠶᠢᠨ ᠪᠠᠶᠢᠩᠭᠤ ᠶᠢᠨ ᠬᠣᠷᠢᠶᠠᠨ ᠤ ᠳᠠᠷᠤᠭ᠎ᠠ ᠱ∙ᠷᠠᠳᠨᠠᠰᠸ᠋ᠳᠢ ᠶᠢᠨ ᠰᠠᠨᠠᠭᠠᠴᠢᠯᠠᠭ᠎ᠠ ᠪᠠᠷ ᠭᠣᠪᠢ-ᠠᠯᠲᠠᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠭᠤᠷᠪᠠᠳᠤᠭᠠᠷ ᠰᠠᠷ᠎ᠠ ᠶᠢᠨ 8 ᠤ ᠡᠳᠦᠷ ᠵᠣᠬᠢᠶᠠᠨ ᠪᠠᠶᠢᠭᠤᠯᠤᠭᠰᠠᠨ ︽ᠠᠶᠠᠯᠭᠤ ᠳᠠᠭᠤᠷᠢᠰᠤᠯ ᠲᠠᠢ-ᠠᠯᠲᠠᠢ ᠨᠤᠲᠤᠭ︾ ᠰᠤᠮᠤᠳ ᠤᠨ ᠠᠷᠠᠳ ᠤᠨ ᠠᠪᠢᠶᠠᠰᠲᠠᠨ ᠨᠤᠭᠤᠳ ᠤᠨ ᠨᠠᠭᠠᠳᠤᠮ ᠤᠨ ᠰᠢᠯᠢᠳᠡᠭ ᠦᠳ ᠲᠣᠳᠣᠷᠠᠯ᠎ᠠ᠃
ᠰᠤᠶᠤᠯ ᠤᠨ ᠪᠡᠶᠡᠲᠦ ᠪᠤᠰᠤ ᠦᠪ ᠢ ᠲᠡᠭᠡᠭᠡᠭᠴᠢ᠂ ᠡᠬᠢᠨ ᠦ ᠱᠠᠲᠤᠨ ᠠᠴᠠ ᠰᠢᠯᠭᠠᠷᠠᠭᠰᠠᠨ ᠲᠤᠰ ᠠᠶᠢᠮᠠᠭ ᠤᠨ 18 ᠰᠤᠮᠤ᠂ 2 ᠲᠣᠰᠬᠣᠨ ᠤ 80 ᠭᠠᠷᠤᠢ ᠠᠷᠠᠳ ᠤᠨ ᠠᠪᠢᠶᠠᠰᠲᠠᠨ ᠦᠷᠢᠰᠦᠯᠳᠦᠵᠦ᠂ ᠲᠡᠷᠢᠭᠦᠨ ᠪᠠᠶᠢᠷᠢ ᠶᠢᠨ ᠡᠵᠡᠨ ᠢᠶᠡᠷ ᠨᠡᠶᠢᠲᠡ ᠶᠢᠨ ᠳᠠᠭᠤᠤ ᠶᠢᠨ ᠲᠦᠷᠦᠯ ᠳᠦ ᠪᠢᠭᠡᠷ ᠰᠤᠮᠤ ᠶᠢᠨ ᠠᠷᠠᠳ ᠤᠨ ᠠᠪᠢᠶᠠᠰᠲᠠᠨ ᠼ∙ᠤᠳᠬᠤᠨ ᠦᠯᠵᠡᠢ ᠲᠣᠳᠣᠷᠠᠵᠤ᠂ ᠤᠳᠠᠭᠠᠬᠢ ᠪᠠᠶᠢᠷᠢ ᠶᠢ ᠠᠯᠲᠠᠢ ᠰᠤᠮᠤ ᠶᠢᠨ ︽ᠠᠵᠠ ᠶᠢᠨ ᠠᠶᠠᠯᠭᠤ︾ ᠬᠠᠮᠲᠤᠯᠢᠭ ᠡᠵᠡᠯᠡᠵᠦ᠂ ᠭᠤᠲᠠᠭᠠᠷ ᠪᠠᠶᠢᠷᠢ ᠶᠢ ᠶᠢᠰᠦᠨᠪᠤᠯᠠᠭ ᠰᠤᠮᠤ ᠶᠢᠨ ᠤᠷᠲᠤ ᠶᠢᠨ ᠳᠠᠭᠤᠴᠢᠨ ᠡ᠊∙ᠴᠣᠭᠪᠠᠳᠠᠷᠠᠬᠤ ᠳᠤ ᠰᠢᠯᠭᠠᠷᠠᠭᠰᠠᠨ ᠶᠤᠮ᠃