 ᠨᠠᠮ᠍ ᠤᠨ ᠳᠣᠲᠣᠭᠠᠳᠤ ᠰᠣᠩᠭᠣᠭᠤᠯᠢ ᠡᠬᠢᠯᠡᠯ᠎ᠡ | News.MN

 ᠨᠠᠮ᠍ ᠤᠨ ᠳᠣᠲᠣᠭᠠᠳᠤ ᠰᠣᠩᠭᠣᠭᠤᠯᠢ ᠡᠬᠢᠯᠡᠯ᠎ᠡ

ᠠᠷᠠᠳᠴᠢᠯᠠᠭᠰᠠᠨ ᠨᠠᠮ᠍ ᠤᠨ ᠦᠨᠳᠦᠰᠦᠨ ᠦ ᠪᠣᠳᠣᠯᠭ᠎ᠠ ᠶᠢᠨ ᠬᠣᠷᠢᠶᠠᠨ ᠤ ᠰᠣᠩᠭᠣᠭᠤᠯᠢ ᠥᠨᠥᠳᠥᠷ ᠡᠴᠡ ᠡᠬᠢᠯᠡᠵᠦ ᠪᠠᠶᠢᠨ᠎ᠠ᠃ ᠦᠨᠳᠦᠰᠦᠨ ᠦ ᠪᠣᠳᠣᠯᠭ᠎ᠠ ᠶᠢᠨ ᠬᠣᠷᠢᠶᠠᠨ ᠤ 112 ᠰᠠᠭᠤᠳᠠᠯ ᠳᠤ 190 ᠣᠷᠴᠢᠮ ᠬᠦᠮᠦᠨ ᠥᠷᠢᠰᠦᠯᠳᠦᠬᠦ ᠪᠡᠷ ᠨᠡᠷ᠎ᠡ ᠳᠡᠪᠰᠢᠭᠴᠢ ᠶᠢᠨ ᠦᠨᠡᠮᠯᠡᠬᠦ ᠪᠡᠨ ᠥᠴᠥᠭᠡᠳᠦᠷ ᠭᠠᠷᠳᠠᠨ ᠠᠪᠤᠭᠠᠳ ᠪᠠᠶᠢᠨ᠎ᠠ᠃ ᠨᠡᠷ᠎ᠡ ᠳᠡᠪᠰᠢᠭᠴᠢᠳ ᠢ ᠨᠠᠮ ᠤᠨ ᠦᠨᠳᠦᠰᠦᠨ ᠳᠦᠷᠢᠮ ᠦᠨ ᠳᠠᠭᠠᠤ ᠰᠣᠩᠭᠣᠵᠤ ᠠᠪᠴᠠᠢ᠃ ᠲᠤᠬᠠᠶᠢᠯᠠᠪᠠᠯ᠂ ᠨᠡᠷ᠎ᠡ ᠳᠡᠪᠰᠢᠭᠴᠢ ᠨᠢ ᠨᠠᠮ ᠳᠤ ᠵᠢᠷᠭᠤᠭᠠᠨ ᠰᠠᠷ᠎ᠠ ᠠᠴᠠ ᠪᠠᠭ᠎ᠠ ᠦᠭᠡᠢ ᠬᠤᠭᠤᠴᠠᠭᠠᠨ ᠤ ᠡᠮᠦᠨ᠎ᠡ ᠡᠯᠰᠡᠨ ᠣᠷᠣᠭᠰᠠᠨ ᠪᠠᠶᠢᠬᠤ᠂ ᠨᠠᠮ ᠤᠨ ᠲᠠᠲᠠᠪᠤᠷᠢ ᠶᠢ ᠲᠥᠯᠦᠭᠰᠡᠨ ᠪᠠᠶᠢᠬᠤ ᠵᠡᠷᠭᠡ ᠱᠠᠭᠠᠷᠳᠠᠯᠭ᠎ᠠ ᠶᠢ ᠪᠡᠶᠡᠯᠡᠭᠦᠯᠦᠭᠰᠡᠨ ᠪᠠᠶᠢᠬᠤ ᠶᠣᠰᠣᠲᠠᠢ ᠶᠤᠮ᠃
ᠠᠷᠠᠳᠴᠢᠯᠠᠭᠰᠠᠨ ᠨᠠᠮ᠍ ᠍ ᠤᠨ ᠦᠨᠳᠦᠰᠦᠨ ᠦ ᠪᠣᠳᠣᠯᠭ᠎ᠠ ᠶᠢᠨ ᠬᠣᠷᠢᠶᠠᠨ ᠤ ᠭᠡᠰᠢᠭᠦᠳ ᠦᠨ ᠭᠤᠷᠪᠠᠨ ᠤ ᠨᠢᠭᠡ ᠨᠢ ᠨᠡᠶᠢᠰᠯᠡᠯ ᠠᠶᠢᠮᠠᠭ᠂ ᠳᠡᠭᠦᠷᠭᠡ ᠳᠦ ᠲᠤᠬᠠᠢ ᠶᠢᠨ ᠵᠢᠯ ᠡᠴᠡ ᠪᠡᠨ ᠰᠢᠯᠲᠠᠭᠠᠯᠠᠨ ᠭᠤᠷᠪᠠᠨ ᠤ ᠨᠢᠭᠡ ᠡᠰᠡᠪᠡᠯ ᠳᠥᠷᠪᠡᠨ ᠦ ᠬᠣᠶᠠᠷ ᠳᠡᠭᠡᠷ᠎ᠡ ᠨᠢ ᠷᠣᠲ᠋ᠠᠼᠢ ᠪᠤᠶᠤ ᠨᠠᠮ ᠤᠨ ᠳᠣᠲᠣᠭᠠᠳᠤ ᠡᠷᠭᠢᠯᠲᠡ ᠶᠢᠨ ᠰᠣᠩᠭᠣᠭᠤᠯᠢ ᠪᠣᠯᠳᠠᠭ ᠪᠠᠶᠢᠨ᠎ᠠ᠃  ᠨᠡᠷ᠎ᠡ ᠳᠡᠪᠰᠢᠭᠴᠢᠳ ᠦᠨ ᠰᠤᠷᠲᠠᠯᠴᠢᠯᠠᠭ᠎ᠠ ᠮᠥᠨ ᠭᠤᠷᠪᠠᠳᠤᠭᠠᠷ ᠰᠠᠷ᠎ᠠ ᠶᠢᠨ 8 ᠍ ᠤ ᠡᠳᠦᠷ ᠡᠴᠡ ᠠᠯᠪᠠᠨ ᠶᠣᠰᠣᠭᠠᠷ ᠡᠬᠢᠯᠡᠭᠰᠡᠨ᠃ ᠰᠣᠩᠭᠣᠭᠤᠯᠢ 14 ᠬᠣᠨᠣᠭ ᠦᠷᠭᠦᠯᠵᠢᠯᠡᠵᠦ᠂ ᠭᠤᠷᠪᠠᠳᠤᠭᠠᠷ ᠰᠠᠷ᠎ᠠ ᠶᠢᠨ 24 ᠍ ᠳᠦ ᠳᠠᠭᠤᠰᠴᠤ᠂ ᠮᠥᠨ ᠰᠠᠷ᠎ᠠ ᠶᠢᠨ 25 ᠍ ᠳᠦ ᠨᠢᠭᠡᠳᠦᠭᠰᠡᠨ ᠳ᠋ᠦᠩ ᠢᠶᠡᠨ  ᠲᠠᠨᠢᠯᠴᠠᠭᠤᠯᠬᠤ ᠶᠤᠮ᠃

ᠰᠡᠳᠬᠢᠭᠳᠡᠯ ᠦᠯᠡᠳᠡᠭᠡᠬᠦ