ᠡᠯᠢᠭᠡ ᠰᠢᠯᠵᠢᠭᠦᠯᠦᠨ ᠰᠠᠭᠤᠯᠭᠠᠬᠤ 68 ᠳ᠋ᠡᠬᠢ ᠮᠡᠰᠡ ᠵᠠᠰᠠᠯ ᠢ ᠬᠢᠯ᠎ᠡ | News.MN

ᠡᠯᠢᠭᠡ ᠰᠢᠯᠵᠢᠭᠦᠯᠦᠨ ᠰᠠᠭᠤᠯᠭᠠᠬᠤ 68 ᠳ᠋ᠡᠬᠢ ᠮᠡᠰᠡ ᠵᠠᠰᠠᠯ ᠢ ᠬᠢᠯ᠎ᠡ

ᠤᠯᠤᠰ ᠤᠨ ᠨᠢᠭᠡᠳᠦᠭᠡᠷ ᠲᠥᠪ ᠡᠮᠨᠡᠯᠭᠡ ᠶᠢᠨ ᠡᠯᠢᠭᠡ ᠰᠢᠯᠵᠢᠭᠦᠯᠦᠨ ᠰᠠᠭᠤᠯᠭᠠᠬᠤ ᠪᠠᠭ ᠠᠩᠬ᠎ᠠ 2011 ᠣᠨ ᠤ ᠶᠢᠰᠦᠳᠦᠭᠡᠷ ᠰᠠᠷ᠎ᠠ ᠶᠢᠨ 24 ᠍ ᠦ ᠡᠳᠦᠷ АСАН ᠠᠨᠠᠭᠠᠬᠤ ᠤᠬᠠᠭᠠᠨ ᠤ ᠲᠥᠪ ᠲᠡᠢ ᠬᠠᠮᠲᠤᠷᠠᠨ ᠠᠩᠬᠠᠨ ᠤ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠵᠦ ᠪᠠᠶᠢᠭᠰᠠᠨ ᠲᠡᠦᠬᠡ ᠲᠡᠢ᠃ ᠲᠤᠰ ᠪᠠᠭ ᠥᠨᠥᠳᠥᠷ  68 ᠳ᠋ᠡᠬᠢ ᠮᠡᠰᠡ ᠵᠠᠰᠠᠯ ᠢᠶᠠᠨ ᠪᠡᠶ᠎ᠡ ᠳᠠᠭᠠᠭᠠᠨ ᠠᠮᠵᠢᠯᠲᠠ ᠲᠠᠢ ᠬᠢᠭᠡᠳ ᠪᠠᠶᠢᠭ᠎ᠠ ᠪᠥᠭᠡᠳ 2019 ᠣᠨ ᠭᠠᠷᠤᠭᠰᠠᠨ ᠠᠴᠠ ᠬᠣᠶᠢᠰᠢ ᠨᠡᠶᠢᠲᠡ ᠲᠠᠪᠤᠨ ᠤᠳᠠᠭ᠎ᠠ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠭᠰᠡᠨ ᠡᠴᠡ ᠳᠥᠷᠪᠡ ᠨᠢ ᠠᠮᠢᠳᠤ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ᠂ ᠨᠢᠭᠡ ᠨᠢ ᠲᠠᠷᠢᠬᠢᠨ ᠤ ᠦᠬᠦᠯ ᠲᠡᠢ ᠳ᠋ᠣᠨᠤᠷ ᠠᠴᠠ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠭᠰᠡᠨ ᠪᠠᠶᠢᠨ᠎ᠠ ᠭᠡᠵᠦ ᠡᠬᠢ ᠰᠤᠷᠪᠤᠯᠵᠢ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ