ᠤᠷᠤᠰ᠍ ᠤᠨ ᠺᠷᠠᠰᠨᠤᠶᠠᠷᠢᠰᠺ ᠬᠤᠲᠠ ᠳᠤ ᠳᠡᠯᠡᠬᠡᠢ ᠶᠢᠨ ᠣᠶᠤᠲᠠᠨ ᠤ ᠡᠪᠦᠯ ᠦᠨ ᠰᠫᠣᠷᠲ ᠤᠨ ᠨᠠᠭᠠᠳᠤᠮ ᠪᠣᠯᠵᠤ ᠪᠤᠢ᠃ ᠤᠭ ᠨᠠᠭᠠᠳᠤᠮ ᠳᠤ ᠮᠣᠩᠭᠣᠯ ᠤᠯᠤᠰ ᠠᠴᠠ ᠭ∙ᠮᠠᠷᠠᠯᠡᠷᠳᠡᠨᠢ ᠤᠷᠠᠨ ᠭᠤᠯᠭᠤᠯᠲᠠ ᠶᠢᠨ ᠡᠮᠡᠭᠲᠡᠶᠢᠴᠦᠳ ᠦᠨ ᠭᠠᠭᠴᠠᠭᠠᠷᠴᠢᠯᠠᠭᠰᠠᠨ ᠲᠥᠷᠥᠯ ᠳᠦ ᠣᠷᠣᠯᠴᠠᠭᠰᠠᠨ ᠲᠡᠦᠬᠡᠨ ᠦᠢᠯᠡ ᠶᠠᠪᠤᠳᠠᠯ ᠪᠣᠯᠤᠯ᠎ᠠ᠃ ᠤᠴᠢᠷ ᠨᠢ ᠮᠣᠩᠭᠣᠯ ᠤᠯᠤᠰ ᠠᠴᠠ ᠤᠷᠠᠨ ᠭᠤᠯᠭᠤᠯᠲᠠ ᠶᠢᠨ ᠭᠠᠭᠴᠠᠭᠠᠷᠴᠢᠯᠠᠭᠰᠠᠨ ᠲᠥᠷᠥᠯ ᠢᠶᠡᠷ ᠠᠩᠬ᠎ᠠ ᠤᠳᠠᠭ᠎ᠠ ᠣᠯᠠᠨ ᠤᠯᠤᠰ ᠤᠨ ᠲᠡᠮᠡᠴᠡᠭᠡᠨ ᠨᠠᠭᠠᠳᠤᠮ ᠳᠤ ᠣᠷᠣᠯᠴᠠᠵᠤ ᠪᠤᠢ ᠲᠣᠬᠢᠶᠠᠯᠳᠤᠯ ᠨᠢ ᠡᠨᠡ ᠶᠤᠮ᠃
ᠲᠡᠮᠡᠴᠡᠭᠡᠨ ᠳᠦ ᠳᠡᠯᠡᠬᠡᠢ ᠶᠢᠨ ᠤᠯᠤᠰ ᠣᠷᠣᠨ ᠨᠤᠭᠤᠳ ᠠᠴᠠ 38 ᠲᠠᠮᠢᠷᠴᠢᠨ ᠥᠷᠢᠰᠦᠯᠳᠦᠭᠰᠡᠨ ᠪᠥᠭᠡᠳ ᠶᠠᠫᠣᠨ ᠤᠯᠤᠰ ᠤᠨ ᠲᠠᠮᠢᠷᠴᠢᠨ ᠮᠢᠾᠠᠷᠠ ᠮᠠᠢ 75.92 ᠣᠨᠣᠭ᠎ᠠ ᠪᠠᠷ ᠨᠢᠭᠡᠳᠦᠭᠡᠷ ᠪᠠᠶᠢᠷᠢᠨ ᠳᠤ᠂ ᠣᠷᠣᠰ ᠬᠣᠯᠪᠣᠭᠠᠨ ᠤ ᠤᠯᠤᠰ ᠤᠨ ᠲᠠᠮᠢᠷᠴᠢᠨ ᠤᠳᠠᠭᠠᠯᠠᠭᠰᠠᠨ ᠪᠠᠶᠢᠨ᠎ᠠ᠃ ᠮᠠᠨ ᠤ ᠲᠠᠮᠢᠷᠴᠢᠨ 24.7 ᠣᠨᠣᠭ᠎ᠠ ᠪᠠᠷ ᠲᠡᠮᠡᠴᠡᠭᠡᠨ ᠢᠶᠡᠨ ᠥᠨᠳᠦᠷᠯᠡᠭᠦᠯᠵᠡᠢ᠃