ᠬᠣᠺᠺᠧᠢᠴᠢᠳ ᠬᠣᠱᠣᠢ ᠠᠯᠲᠠᠨ ᠮᠧᠳᠠᠯ ᠤᠨ ᠡᠵᠡᠨ ᠪᠣᠯᠤᠯ᠎ᠠ | News.MN

ᠬᠣᠺᠺᠧᠢᠴᠢᠳ ᠬᠣᠱᠣᠢ ᠠᠯᠲᠠᠨ ᠮᠧᠳᠠᠯ ᠤᠨ ᠡᠵᠡᠨ ᠪᠣᠯᠤᠯ᠎ᠠ

ᠮᠠᠯᠠᠶᠢᠰᠢᠶ᠎ᠠ ᠶᠢᠨ ᠨᠡᠶᠢᠰᠯᠡᠯ ᠺᠦ᠋ᠯᠠ ᠯᠠᠮᠫᠤᠷ ᠬᠤᠲᠠ ᠳᠤ ᠱᠸᠪ ᠲᠡᠢ ᠬᠣᠺᠺᠧᠢ ᠶᠢᠨ Asian challenge cup ᠲᠡᠮᠡᠴᠡᠭᠡᠨ ᠥᠨᠳᠥᠷᠯᠡᠵᠦ᠂ ᠮᠣᠩᠭᠣᠯ ᠤᠨ ᠬᠣᠺᠺᠧᠢᠴᠢᠳ ᠠᠯᠲᠠᠨ ᠮᠧᠳᠠᠯ ᠬᠦᠷᠲᠡᠯ᠎ᠡ᠃ ᠮᠠᠨ ᠤ ᠪᠠᠭ ᠬᠡᠰᠡᠭ ᠦᠨ ᠡᠬᠢᠨ ᠦ ᠲᠣᠭᠯᠠᠯᠲᠠ ᠪᠠᠨ ᠮᠠᠯᠠᠶᠢᠰᠢᠶ᠎ᠠ ᠶᠢᠨ ᠪᠠᠭ ᠲᠠᠢ ᠬᠢᠵᠦ 9᠄5 ᠍ ᠪᠠᠷ᠂ ᠬᠤᠶᠠᠳᠠᠬᠢ ᠲᠣᠭᠯᠠᠯᠲᠠ ᠪᠠᠨ ᠰᠢᠩᠭᠠᠫᠦᠷ ᠲᠠᠢ ᠬᠢᠵᠦ 13᠄3 ᠪᠡᠷ ᠬᠣᠵᠢᠭᠰᠠᠨ ᠪᠣᠯ ᠭᠤᠷᠪᠠᠳᠠᠬᠢ ᠲᠣᠭᠯᠠᠯᠲᠠ ᠪᠠᠨ ᠹᠢᠯᠢᠫᠢᠨ ᠤᠯᠤᠰ ᠤᠨ ᠪᠠᠭ ᠲᠠᠢ ᠬᠢᠵᠦ ᠬᠣᠵᠢᠭᠳᠠᠭᠰᠠᠨ᠃ ᠡᠶᠢᠨ ᠬᠦ ᠬᠠᠭᠠᠰ ᠰᠢᠭᠰᠢᠭᠡ ᠳᠦ ᠳᠠᠬᠢᠨ ᠲᠠᠯᠠᠪᠠᠢ ᠶᠢᠨ ᠡᠵᠡᠨ ᠪᠠᠭ ᠮᠠᠯᠠᠶᠢᠰᠢᠶ᠎ᠠ ᠲᠠᠢ ᠤᠴᠠᠷᠠᠭ᠎ᠠ ᠲᠠᠭᠠᠷᠠᠵᠤ᠂12᠄6 ᠬᠠᠷᠢᠴᠠᠭ᠎ᠠ ᠪᠠᠷ ᠬᠣᠵᠢᠵᠤ ᠹᠢᠨᠠᠯ ᠳᠤ ᠰᠢᠯᠭᠠᠷᠠᠭᠰᠠᠨ ᠶᠤᠮ᠃ ᠬᠠᠷᠢᠨ ᠥᠴᠥᠭᠡᠳᠦᠷ ᠲᠡᠳᠡ ᠠᠪᠤᠷᠭᠤ ᠶᠢᠨ ᠠᠯᠲᠠᠨ ᠮᠧᠳᠠᠯ ᠤᠨ ᠲᠥᠯᠥᠭᠡ ᠹᠢᠯᠢᠫᠢᠨ ᠦ ᠪᠠᠭ ᠲᠠᠢ ᠥᠷᠢᠰᠦᠯᠳᠦᠵᠦ 6᠄3 ᠬᠠᠷᠢᠴᠠᠭ᠎ᠠ ᠲᠠᠢ  ᠬᠤᠵᠢᠭᠰᠠᠨ ᠢᠶᠠᠷ ᠡᠨᠡ ᠲᠡᠮᠡᠴᠡᠭᠡᠨ ᠦ ᠬᠣᠱᠣᠢ ᠠᠪᠤᠷᠭᠤ ᠪᠣᠯᠵᠤ ᠴᠢᠳᠠᠭᠰᠠᠨ ᠶᠤᠮ᠃

ᠰᠡᠳᠬᠢᠭᠳᠡᠯ ᠦᠯᠡᠳᠡᠭᠡᠬᠦ