ᠭᠠᠳᠠᠭᠠᠳᠤ ᠬᠤᠳᠠᠯᠳᠤᠭᠠᠨ ᠤ ᠨᠡᠶᠢᠲᠡ ᠪᠠᠷᠠᠭ᠎ᠠ ᠡᠷᠭᠢᠯᠲᠡ 2019 ᠣᠨ ᠤ ᠡᠬᠢᠨ ᠦ ᠬᠣᠶᠠᠷ ᠰᠠᠷ᠎ᠠ ᠶᠢᠨ ᠳ᠋ᠦᠩ ᠢᠶᠡᠷ 1.93 ᠲᠡᠷᠪᠤᠮ ᠳ᠋ᠣᠯᠯᠠᠷ ᠪᠣᠯᠵᠤ᠂ 2018 ᠣᠨ ᠤ ᠮᠥᠨ ᠦᠶ᠎ᠡ ᠡᠴᠡ 366.7 ᠰᠠᠶ᠎ᠠ ᠳ᠋ᠣᠯᠯᠠᠷ ᠪᠤᠶᠤ 23.4 ᠬᠤᠪᠢ ᠪᠠᠷ ᠥᠰᠴᠠᠢ᠃ ᠡᠺᠰᠫᠣᠷᠲ ᠤᠨ ᠳ᠋ᠦᠩ ᠢᠮᠫᠣᠷᠲ ᠤᠨ ᠳ᠋ᠦᠩ ᠡᠴᠡ 256.1 ᠰᠠᠶ᠎ᠠ ᠳ᠋ᠣᠯᠯᠠᠷ ᠢᠶᠠᠷ ᠳᠠᠪᠠᠵᠤ᠂ ᠭᠠᠳᠠᠭᠠᠳᠤ ᠬᠤᠳᠠᠯᠳᠤᠭᠠᠨ ᠤ ᠲᠡᠩᠴᠡᠯ ᠡᠶᠡᠷᠭᠦ ᠭᠠᠷᠤᠯ᠎ᠠ᠃ ᠭᠠᠳᠠᠭᠰᠢ ᠭᠠᠷᠭᠠᠭᠰᠠᠨ ᠪᠠᠷᠠᠭᠠᠨ ᠤ 99.4% ᠍ ᠶᠢ ᠸᠠᠯᠢᠶᠤᠲ ᠤᠨ ᠲᠥᠯᠥᠪᠦᠷᠢ ᠲᠡᠢ ᠬᠤᠳᠠᠯᠳᠤᠭ᠎ᠠ ᠡᠵᠡᠯᠡᠵᠡᠢ᠃ ᠨᠡᠶᠢᠲᠡ 1.09 ᠲᠡᠷᠪᠤᠮ ᠳ᠋ᠣᠯᠯᠠᠷ ᠤᠨ ᠪᠠᠷᠠᠭ᠎ᠠ ᠲᠦᠭᠦᠬᠡᠢ ᠡᠳ᠋ ᠡᠺᠰᠫᠣᠷᠲᠯᠠᠭᠰᠠᠨ ᠢ ᠥᠩᠭᠡᠷᠡᠭᠰᠡᠨ ᠣᠨ ᠤ ᠮᠥᠨ ᠦᠶ᠎ᠡ ᠲᠡᠢ ᠬᠠᠷᠢᠴᠠᠭᠤᠯᠪᠠᠯ 30.4 ᠬᠤᠪᠢ ᠪᠠᠷ ᠥᠰᠦᠭᠰᠡᠨ ᠪᠠᠶᠢᠨ᠎ᠠ᠃
ᠡᠺᠰᠫᠣᠷᠲ ᠤᠨ ᠪᠠᠷᠠᠭᠠᠨ ᠤ ᠨᠡᠶᠢᠲᠡ ᠳ᠋ᠦᠩ ᠳᠦ᠄ ᠡᠷᠦᠳᠡᠰᠦ ᠪᠦᠲᠦᠭᠡᠭᠳᠡᠬᠦᠨ 75.5 ᠬᠤᠪᠢ ︔ ᠰᠤᠪᠤᠳ᠂ ᠦᠨᠡᠲᠦ ᠪᠠ ᠬᠠᠭᠠᠰ ᠦᠨᠡᠲᠦ ᠴᠢᠯᠠᠭᠤ᠂ ᠦᠨᠡᠲᠦ ᠮᠧᠲ᠋ᠠᠯ᠂ ᠭᠣᠶᠣᠯ ᠤᠨ ᠵᠦᠢᠯᠡᠰ᠂ ᠵᠣᠭᠣᠰ 17.9 ᠬᠤᠪᠢ ︔ ᠠᠷᠠᠰᠤ ᠰᠢᠷᠢᠨ ᠲᠦᠭᠦᠬᠡᠢ ᠡᠳ᠋ ᠪᠣᠯᠤᠨ ᠪᠣᠯᠪᠠᠰᠤᠷᠠᠭᠤᠯᠤᠭᠰᠠᠨ ᠠᠷᠠᠰᠤ᠂ ᠰᠢᠷᠢ᠂ ᠠᠩ ᠤᠨ ᠦᠰᠦ᠂ ᠡᠳᠡᠭᠡᠷ ᠢᠶᠡᠷ ᠬᠢᠭᠰᠡᠨ ᠡᠳ᠋ᠯᠡᠯ 0.3 ᠬᠤᠪᠢ ︔ ᠨᠡᠬᠡᠮᠡᠯ ᠪᠣᠯᠤᠨ ᠨᠡᠬᠡᠮᠡᠯ ᠪᠦᠲᠦᠭᠡᠭᠳᠡᠬᠦᠨ 2.3 ᠬᠤᠪᠢ ᠶᠢ ᠡᠵᠡᠯᠡᠭᠰᠡᠨ ᠪᠠᠶᠢᠨ᠎ᠠ᠃ ᠮᠣᠩᠭᠣᠯ ᠤᠯᠤᠰ ᠳᠡᠯᠡᠬᠡᠢ ᠶᠢᠨ 47 ᠣᠷᠣᠨ ᠳᠤ ᠪᠠᠷᠠᠭ᠎ᠠ ᠭᠠᠷᠭᠠᠭᠰᠠᠨ ᠪᠠᠶᠢᠨ᠎ᠠ᠃ ᠡᠭᠦᠨ ᠡᠴᠡ 97.9 ᠬᠤᠪᠢ ᠶᠢ ᠳᠣᠣᠷᠠᠬᠢ ᠭᠤᠷᠪᠠᠨ ᠤᠯᠤᠰ ᠲᠤ ᠨᠡᠶᠢᠯᠡᠭᠦᠯᠵᠡᠢ᠃1.ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ 78.8 ᠬᠤᠪᠢ︔ 2. ᠶᠡᠬᠡ ᠪᠷᠢᠲ᠋ᠠᠨ ᠳᠤ 18.3 ᠬᠤᠪᠢ᠂ 3.ᠣᠷᠣᠰ ᠦᠨ ᠬᠣᠯᠪᠣᠭᠠᠨ ᠤ ᠤᠯᠤᠰ ᠲᠤ 0.8 ᠬᠤᠪᠢ ᠃