ᠮᠣᠩᠭᠣᠯ ᠤᠨ ᠪᠠᠭ ᠴᠠᠬᠢᠮ ᠰᠫᠣᠷᠲ ᠢᠶᠠᠷ ᠥᠷᠢᠰᠦᠯᠳᠦᠨ᠎ᠡ | News.MN

ᠮᠣᠩᠭᠣᠯ ᠤᠨ ᠪᠠᠭ ᠴᠠᠬᠢᠮ ᠰᠫᠣᠷᠲ ᠢᠶᠠᠷ ᠥᠷᠢᠰᠦᠯᠳᠦᠨ᠎ᠡ

ᠤᠨᠯᠠᠶᠢᠨ ᠬᠤᠳᠠᠯᠳᠤᠭᠠᠨ ᠤ ᠣᠯᠠᠨ ᠤᠯᠤᠰ ᠤᠨ ᠬᠠᠮᠤᠭ ᠤᠨ ᠲᠣᠮᠣ ᠵᠠᠬ᠎ᠠ ︽ᠠᠯᠢᠪᠠᠪᠠ ︾ ᠭᠷᠦ᠋ᠫ ᠤᠨ  ︽ᠠᠯᠢᠰᠫᠣᠷᠲ᠋ᠰ︾ ᠠᠴᠠ ᠵᠣᠬᠢᠶᠠᠨ ᠪᠠᠶᠢᠭᠤᠯᠳᠠᠭ ᠨᠡᠶᠢᠲᠡ 890 ᠮᠢᠩᠭᠠᠨ ᠳ᠋ᠣᠯᠯᠠᠷ ᠤᠨ ᠱᠠᠩᠨᠠᠯ ᠤᠨ ᠰᠠᠩ ᠲᠠᠢ WESG ᠴᠠᠬᠢᠮ ᠰᠫᠣᠷᠲ ᠤᠨ ᠲᠡᠮᠡᠴᠡᠭᠡᠨ ᠡᠨᠡ ᠰᠠᠷ᠎ᠠ ᠶᠢᠨ 7-10 ᠍ ᠳᠦ ᠤᠷᠳᠤ ᠬᠥᠷᠰᠢ ᠶᠢᠨ  ᠴᠦᠩᠴᠢᠩ  ᠬᠤᠲᠠ ᠳᠤ ᠪᠣᠯᠤᠨ᠎ᠠ᠃ ᠲᠡᠭᠦᠨᠴᠢᠯᠡᠨ ᠮᠣᠩᠭᠣᠯ ᠤᠯᠤᠰ ᠤᠨ ᠪᠠᠭ ᠲᠠᠮᠢᠷᠴᠢᠳ ᠲᠤᠰ ᠲᠡᠮᠡᠴᠡᠭᠡᠨ ᠦ DOTA2᠂ Hearstone᠂ Starcraft ᠲᠥᠷᠥᠯ ᠳᠦ ᠥᠷᠢᠰᠥᠯᠳᠥᠬᠦ ᠡᠷᠬᠡ ᠪᠡᠨ ᠠᠪᠴᠤ᠂ ᠲᠤᠰ ᠤᠯᠤᠰ ᠢ ᠵᠣᠷᠢᠭᠰᠠᠨ ᠪᠠᠶᠢᠨ᠎ᠠ᠃ 20 ᠣᠷᠣᠨ ᠤ ᠪᠠᠭ ᠲᠠᠮᠢᠷᠴᠢᠳ ᠥᠷᠢᠰᠥᠯᠳᠥᠬᠦ ᠳᠡᠭᠡᠷᠡᠬᠢ ᠲᠡᠮᠡᠴᠡᠭᠡᠨ ᠦ DOTA2 ᠲᠥᠷᠥᠯ ᠳᠦ ᠲᠦᠷᠦᠭᠦᠯᠡᠭᠰᠡᠨ ᠪᠠᠭ 500 ᠮᠢᠩᠭᠠᠨ ᠳ᠋ᠣᠯᠯᠠᠷ ᠪᠤᠶᠤ 1.3 ᠲᠡᠷᠪᠤᠮ ᠲᠥᠭᠥᠷᠢᠭ ᠦᠨ ᠮᠥᠩᠭᠥᠨ ᠱᠠᠩᠨᠠᠯ ᠬᠦᠷᠲᠡᠬᠦ ᠶᠤᠮ᠃ ᠡᠨᠡ ᠲᠥᠷᠥᠯ ᠳᠦ ᠮᠣᠩᠭᠣᠯ ᠠᠴᠠ Team Mongolia ᠪᠠᠭ ᠥᠷᠢᠰᠥᠯᠳᠥᠬᠦ ᠪᠥᠭᠡᠳ ᠬᠡᠰᠡᠭ ᠲᠦ ᠪᠡᠨ ᠪᠷᠠᠽᠢᠯ᠂ ᠬᠢᠲᠠᠳ᠂ ᠠᠮᠧᠷᠢᠺᠠ ᠂ ᠸᠢᠶᠧᠲ᠋ᠨᠠᠮ᠂  ᠺᠠᠨᠠᠳᠠ ᠂ ᠺᠢᠷᠭᠢᠽᠰᠲ᠋ᠠᠨ ᠤ ᠪᠠᠭ ᠲᠠᠢ ᠲᠣᠭᠯᠠᠨ᠎ᠠ᠃
ᠰᠣᠨᠢᠷᠬᠠᠭᠤᠯᠬᠤ ᠳᠤ᠂ WESG ᠴᠠᠬᠢᠮ ᠰᠫᠣᠷᠲ ᠤᠨ ᠲᠡᠮᠡᠴᠡᠭᠡᠨ ᠦ DOTA2 ᠲᠥᠷᠥᠯ ᠦᠨ ᠬᠠᠮᠤᠭ ᠤᠨ ᠬᠦᠴᠦᠲᠡᠢ ᠲᠣᠭᠯᠠᠭᠴᠢᠳ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠲᠠᠮᠢᠷᠴᠢᠳ ᠶᠤᠮ ᠪᠠᠶᠢᠨ᠎ᠠ᠃ ᠭᠡᠰᠡᠨ ᠬᠡᠳᠦᠢ ᠴᠤ ᠰᠣᠨᠢᠷᠬᠠᠭᠴᠢᠳ ᠡᠨᠡ ᠲᠥᠷᠥᠯ ᠳᠦ ᠣᠷᠣᠰ  ᠤᠨ Virtus Pro ᠪᠠᠭ ᠲᠦᠷᠦᠭᠦᠯᠡᠨ᠎ᠡ ᠬᠡᠮᠡᠨ ᠲᠠᠭᠠᠮᠠᠭᠯᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ