︽ᠪᠤᠷᠢᠶᠠᠳ ᠤᠨ ᠦᠨᠡᠨ︾᠂ ︽ᠬᠦᠮᠦᠨ ᠪᠢᠴᠢᠭ︾ ᠬᠠᠮᠲᠤᠷᠠᠨ᠎ᠠ | News.MN

︽ᠪᠤᠷᠢᠶᠠᠳ ᠤᠨ ᠦᠨᠡᠨ︾᠂ ︽ᠬᠦᠮᠦᠨ ᠪᠢᠴᠢᠭ︾ ᠬᠠᠮᠲᠤᠷᠠᠨ᠎ᠠ

 

ᠣᠷᠣᠰ ᠤᠨ ᠪᠤᠷᠢᠶᠠᠳ ᠤᠯᠤᠰ ᠤᠨ ︽ᠪᠤᠷᠢᠶᠠᠳ ᠤᠨ ᠦᠨᠡᠨ︾ ᠰᠣᠨᠢᠨ ᠤ ᠡᠷᠬᠢᠯᠡᠭᠴᠢ ᠺ∙ᠱ∙ ᠪᠠᠶᠠᠷ  ᠮᠤᠩᠴᠠᠮᠸ ᠠᠭᠧᠨᠲᠯᠢᠭ ᠲᠤ ᠥᠨᠥᠳᠥᠷ ᠵᠣᠴᠢᠯᠠᠵᠤ᠂ ᠴᠢᠨᠠᠭᠰᠢᠳᠠ ᠮᠡᠳᠡᠭᠡ ᠮᠡᠳᠡᠭᠡᠯᠡᠯ ᠰᠤᠯᠢᠯᠴᠠᠬᠤ ᠴᠢᠭᠯᠡᠯ ᠢᠶᠡᠷ ᠬᠠᠮᠲᠤᠷᠠᠨ ᠠᠵᠢᠯᠯᠠᠬᠤ ᠰᠣᠨᠢᠷᠬᠠᠯᠲᠠᠢ ᠪᠠᠶᠢᠭ᠎ᠠ ᠪᠠᠨ ᠢᠯᠡᠷᠬᠡᠶᠢᠯᠡᠯ᠎ᠡ᠃ ︽ᠪᠤᠷᠢᠶᠠᠳ ᠤᠨ ᠦᠨᠡᠨ︾ ᠰᠣᠨᠢᠨ ᠨᠢ ᠮᠣᠩᠭᠣᠯ ᠤᠨ ᠮᠡᠳᠡᠭᠡᠯᠡᠯ ᠢ ᠮᠤᠩᠴᠠᠮᠸ ᠠᠭᠧᠨᠲᠯᠢᠭ ᠢᠶᠠᠷ ᠳᠠᠮᠵᠢᠭᠤᠯᠤᠨ ᠮᠣᠩᠭᠣᠯ᠂ ᠣᠷᠣᠰ ᠬᠡᠯᠡ ᠪᠡᠷ ᠠᠪᠬᠤ ᠰᠣᠨᠢᠷᠬᠠᠯᠲᠠᠢ ᠪᠠᠶᠢᠭ᠎ᠠ ᠶᠤᠮ ᠪᠠᠶᠢᠨ᠎ᠠ᠃ ᠲᠡᠭᠦᠨᠴᠢᠯᠡᠨ ᠮᠣᠩᠭᠣᠯ ᠳ᠋ᠡᠬᠢ ᠪᠤᠷᠢᠶᠠᠳ ᠤᠳ ᠤᠨ ᠠᠮᠢᠳᠤᠷᠠᠯ ᠠᠬᠤᠢ᠂ ᠥᠪ ᠰᠤᠶᠤᠯ ᠢ ᠰᠣᠨᠢᠷᠬᠠᠵᠤ᠂ ᠪᠤᠷᠢᠶᠠᠳ ᠣᠯᠠᠨ ᠢᠶᠠᠷ ᠠᠮᠢᠳᠤᠷᠠᠳᠠᠭ ᠳᠣᠷᠣᠨᠠᠲᠤ᠂ ᠬᠡᠨᠲᠡᠢ᠂ ᠰᠡᠯᠡᠩᠭᠡ᠂ ᠪᠤᠯᠠᠭᠠᠨ᠂ ᠬᠥᠪᠰᠥᠭᠥᠯ ᠵᠡᠷᠭᠡ ᠠᠶᠢᠮᠠᠭ ᠤᠨ ᠬᠡᠪᠯᠡᠯ ᠮᠡᠳᠡᠭᠡᠯᠡᠯ ᠦᠨ  ᠪᠠᠶᠢᠭᠤᠯᠤᠯᠭ᠎ᠠ ᠪᠣᠯᠤᠨ ᠮᠤᠩᠴᠠᠮᠸ ᠠᠭᠧᠨᠲᠯᠢᠭ ᠤᠨ ᠰᠤᠷᠪᠤᠯᠵᠢᠯᠠᠭᠴᠢ ᠨᠠᠷ ᠲᠠᠢ ᠬᠣᠯᠪᠣᠭᠳᠠᠬᠤ ᠰᠠᠨᠠᠯ ᠲᠠᠯᠪᠢᠯ᠎ᠠ᠃ ᠲᠤᠰ ᠤᠯᠤᠰ ᠲᠤ ᠪᠤᠷᠢᠶᠠᠳ ᠬᠡᠯᠡ ᠪᠡᠷ ᠬᠢᠴᠢᠶᠡᠯᠯᠡᠳᠡᠭ ᠬᠣᠶᠠᠷ ᠰᠤᠷᠭᠠᠭᠤᠯᠢ ᠪᠠᠶᠢᠳᠠᠭ ᠪᠥᠭᠡᠳ ᠮᠣᠩᠭᠣᠯ ᠪᠢᠴᠢᠭ ᠰᠤᠷᠬᠤ ᠬᠦᠰᠡᠯ ᠲᠡᠢ᠂ ᠰᠤᠷᠤᠭᠴᠢ᠂ ᠪᠠᠭᠰᠢ ᠴᠥᠭᠡᠨ ᠦᠭᠡᠢ ᠲᠤᠯᠠ ︽ᠬᠥᠮᠥᠨ ᠪᠢᠴᠢᠭ︾ ᠰᠣᠨᠢᠨ ᠲᠠᠢ ᠴᠤ ᠬᠤᠯᠪᠤᠭ᠎ᠠ ᠲᠠᠢ ᠠᠵᠢᠯᠯᠠᠵᠤ ᠪᠣᠯᠬᠤ ᠰᠠᠨᠠᠯ ᠢᠶᠠᠨ ᠲᠤᠰ ᠰᠣᠨᠢᠨ ᠤ ᠷᠧᠳᠠᠺᠼ ᠲᠠᠢ ᠲᠠᠨᠢᠯᠴᠠᠬᠤ ᠳᠤ ᠪᠠᠨ ᠬᠡᠯᠡᠪᠡ᠃

︽ᠪᠤᠷᠢᠶᠠᠳ ᠤᠨ ᠦᠨᠡᠨ︾ ᠰᠣᠨᠢᠨ ᠨᠢ ᠣᠷᠣᠰ ᠬᠡᠯᠡ ᠪᠡᠷ ᠳᠣᠯᠣᠭ᠎ᠠ ᠬᠣᠨᠣᠭ ᠲᠤ ᠬᠣᠶᠠᠷ ᠤᠳᠠᠭ᠎ᠠ᠂ ᠪᠤᠷᠢᠶᠠᠳ ᠬᠡᠯᠡ ᠪᠡᠷ ᠨᠢᠭᠡ ᠤᠳᠠᠭ᠎ᠠ ᠬᠡᠪᠯᠡᠭᠳᠡᠨ ᠭᠠᠷᠳᠠᠭ ᠶᠤᠮ ᠪᠠᠶᠢᠨ᠎ᠠ᠃ ᠮᠥᠨ ᠤᠷᠠᠨ ᠵᠣᠬᠢᠶᠠᠯ ᠤᠨ ︽ ᠪᠠᠶᠢᠭᠠᠯ︾ ᠰᠡᠳᠬᠦᠯ ᠢ ᠬᠠᠪᠰᠤᠷᠤᠯᠲᠠ ᠪᠠᠷ ᠤᠯᠠᠷᠢᠯ ᠳᠤ ᠨᠢᠭᠡ ᠤᠳᠠᠭ᠎ᠠ ᠭᠠᠷᠭᠠᠳᠠᠭ ᠠᠵᠠᠢ ᠃

ᠰᠡᠳᠬᠢᠭᠳᠡᠯ ᠦᠯᠡᠳᠡᠭᠡᠬᠦ