ᠵᠢᠷᠮᠦᠰᠦᠨ  ᠪᠣᠯᠤᠨ ᠠᠮᠤᠷᠵᠢᠭᠰᠠᠨ ᠤ ᠲᠡᠳᠬᠦᠮᠵᠢ ᠠᠪᠬᠤ ᠳᠤ ᠠᠮᠠᠷ ᠪᠤᠯᠤᠯ᠎ᠠ | News.MN

ᠵᠢᠷᠮᠦᠰᠦᠨ  ᠪᠣᠯᠤᠨ ᠠᠮᠤᠷᠵᠢᠭᠰᠠᠨ ᠤ ᠲᠡᠳᠬᠦᠮᠵᠢ ᠠᠪᠬᠤ ᠳᠤ ᠠᠮᠠᠷ ᠪᠤᠯᠤᠯ᠎ᠠ

ᠨᠡᠶᠢᠭᠡᠮ ᠤᠨ ᠳᠠᠭᠠᠳᠬᠠᠯ ᠤᠨ ᠶᠡᠷᠦᠩᠬᠡᠢ ᠭᠠᠵᠠᠷ ᠠᠴᠠ ︽ᠲᠠᠨ ᠳᠤ ᠣᠶᠢᠷᠠᠬᠠᠨ ᠨᠠᠶᠢᠷᠰᠠᠭ ᠦᠢᠯᠡᠴᠢᠯᠡᠭᠡᠨ ᠦ ᠵᠢᠯ︾ ᠦᠨ ᠬᠦᠷᠢᠶᠡᠨ ᠳᠦ ᠲᠡᠳᠬᠦᠮᠵᠢ  ᠲᠤᠭᠲᠠᠭᠠᠬᠤ ᠂ ᠤᠯᠭᠤᠬᠤ᠂ ᠬᠢᠨᠠᠬᠤ  ᠱᠠᠲᠤ ᠳᠠᠮᠵᠢᠯᠭ᠎ᠠ ᠶᠢ ᠪᠠᠭᠠᠰᠬᠠᠵᠤ᠂ ᠳᠠᠭᠠᠳᠬᠠᠭᠤᠯᠤᠭᠴᠢᠳ ᠲᠤ ᠬᠢᠯᠪᠠᠷ ᠪᠠᠶᠢᠳᠠᠯ ᠢᠶᠠᠷ ᠥᠭᠡᠷᠡᠴᠢᠯᠡᠯ᠎ᠡ᠃ ᠡᠮᠦᠨ᠎ᠡ ᠨᠢ ᠠᠯᠪᠠᠨ ᠵᠢᠷᠤᠮ ᠤᠨ ᠳᠠᠭᠠᠳᠬᠠᠭᠤᠯᠤᠭᠴᠢ ᠵᠢᠷᠮᠦᠰᠦᠨ ᠦ ᠪᠣᠯᠤᠨ ᠠᠮᠤᠷᠵᠢᠭᠰᠠᠨ ᠤ ᠲᠡᠳᠬᠦᠮᠵᠢ ᠪᠡᠨ ᠵᠥᠪᠬᠡᠨ ᠠᠵᠢᠯ ᠣᠯᠭᠤᠭᠴᠢ ︵ᠪᠠᠶᠢᠭᠤᠯᠤᠯᠭ᠎ᠠ︶ ᠪᠠᠷ ᠢᠶᠠᠨ ᠳᠠᠮᠵᠢᠭᠤᠯᠤᠨ ᠠᠪᠳᠠᠭ ᠪᠠᠶᠢᠭᠰᠠᠨ ᠪᠣᠯ ᠣᠳᠣ ᠥᠪᠡᠷ ᠢᠶᠡᠨ ᠬᠦᠰᠡᠪᠡᠯ ᠰᠢᠭᠤᠳ ᠥᠪᠡᠷ ᠦᠨ ᠳᠠᠩᠰᠠᠨ ᠳᠤ ᠰᠢᠯᠵᠢᠭᠦᠯᠦᠨ ᠠᠪᠬᠤ ᠪᠣᠯᠤᠮᠵᠢ ᠲᠠᠢ ᠪᠣᠯᠤᠯ᠎ᠠ᠃
ᠨᠡᠶᠢᠭᠡᠮ ᠤᠨ ᠳᠠᠭᠠᠳᠬᠠᠯ ᠤᠨ ᠪᠠᠶᠢᠭᠤᠯᠤᠯᠭ᠎ᠠ ᠠᠴᠠ ᠵᠢᠯ ᠳᠦ 60 ᠮᠢᠩᠭ᠎ᠠ ᠭᠠᠷᠤᠢ ᠳᠠᠭᠠᠳᠬᠠᠭᠤᠯᠤᠭᠴᠢ ᠡᠬᠡ ᠵᠢᠷᠮᠦᠰᠦᠨ ᠦ ᠪᠣᠯᠤᠨ ᠠᠮᠤᠷᠵᠢᠭᠰᠠᠨ ᠤ ᠲᠡᠳᠬᠦᠮᠵᠢ ᠠᠪᠳᠠᠭ ᠪᠥᠭᠡᠳ  ᠤᠳᠤ ᠲᠡᠳᠡ ᠲᠡᠳᠬᠦᠮᠵᠢ ᠶᠢᠨ ᠮᠥᠩᠭᠥ ᠪᠡᠨ ᠢᠯᠡᠭᠦᠦ ᠰᠢᠭᠤᠷᠬᠠᠢ ᠠᠪᠬᠤ ᠨᠥᠬᠥᠴᠡᠯ ᠪᠥᠷᠢᠳᠴᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ