ᠣ᠊∙ᠣᠷᠬᠣᠨ᠄ ᠬᠦᠨᠳᠦ ᠭᠡᠮᠲᠦ ᠬᠡᠷᠡᠭᠲᠡᠨ ᠪᠠᠷᠢᠪᠴᠢᠯᠠᠵᠤ ᠪᠤᠢ ᠮᠡᠲᠦ ᠪᠡᠷ ᠠᠪᠴᠤ ᠶᠠᠪᠤᠭᠰᠠᠨ | News.MN

ᠣ᠊∙ᠣᠷᠬᠣᠨ᠄ ᠬᠦᠨᠳᠦ ᠭᠡᠮᠲᠦ ᠬᠡᠷᠡᠭᠲᠡᠨ ᠪᠠᠷᠢᠪᠴᠢᠯᠠᠵᠤ ᠪᠤᠢ ᠮᠡᠲᠦ ᠪᠡᠷ ᠠᠪᠴᠤ ᠶᠠᠪᠤᠭᠰᠠᠨ

ᠬᠤᠳᠠᠯᠳᠤᠭ᠎ᠠ ᠬᠥᠭᠵᠢᠯ ᠦᠨ ᠪᠠᠩᠬᠢᠨ ᠤ ᠭᠦᠢᠴᠡᠳᠭᠡᠬᠦ ᠵᠠᠬᠢᠷᠤᠯ ᠣ᠊∙ᠣᠷᠬᠣᠨ ᠮᠡᠳᠡᠭᠡᠯᠡᠯ ᠬᠢᠵᠦ ᠪᠠᠶᠢᠨ᠎ᠠ᠃ ᠲᠡᠷᠡ᠄ ᠥᠩᠭᠡᠷᠡᠭᠰᠡᠨ ᠡᠳᠦᠷ ᠦᠳ ᠲᠦ ᠰᠡᠳᠬᠢᠯ ᠰᠡᠷᠳ᠋ᠬᠢᠮ᠎ᠡ ᠦᠢᠯᠡ ᠶᠠᠪᠤᠳᠠᠯ ᠤᠳ ᠪᠣᠯᠤᠯ᠎ᠠ᠃ ᠡᠭᠦᠨ ᠢ ᠪᠢᠳᠡ ᠤᠯᠤᠰ ᠲᠥᠷᠥ ᠶᠢᠨ ᠵᠣᠷᠢᠯᠭ᠎ᠠ ᠲᠠᠢ ᠭᠡᠵᠦ ᠦᠵᠡᠵᠦ ᠪᠠᠶᠢᠨ᠎ᠠ᠃ ᠤᠴᠢᠷ ᠨᠢ ᠡᠷᠳᠡᠨᠢᠲᠦ ᠶᠢᠨ 49  ᠬᠤᠪᠢ ᠶᠢᠨ ᠠᠰᠠᠭᠤᠳᠠᠯ ᠢᠶᠠᠷ ᠨᠠᠮᠠᠶᠢ ᠡᠮᠦᠨ᠎ᠡ ᠨᠢ ᠨᠢᠭᠡ ᠤᠳᠠᠭ᠎ᠠ ᠳᠠᠭᠤᠳᠠᠵᠤ ᠭᠡᠷᠡᠴᠢ ᠶᠢᠨ ᠮᠡᠳᠡᠭᠦᠯᠭᠡ ᠠᠪᠤᠭᠰᠠᠨ ᠪᠣᠯ ᠤᠷᠵᠢᠳᠤᠷ ᠮᠡᠳᠡᠭᠳᠡᠯ ᠦᠭᠡᠢ᠂ ᠰᠢᠭᠤᠳ ᠪᠠᠷᠢᠪᠴᠢᠯᠠᠭᠰᠠᠨ᠃ ᠪᠢᠳᠡᠨ ᠦ ᠭᠣᠮᠣᠳᠠᠯ ᠢ ᠰᠢᠭᠦᠬᠦ ᠬᠦᠯᠢᠶᠡᠨ ᠠᠪᠴᠤ ᠰᠢᠯᠭᠠᠭᠠᠳ᠂ ᠬᠠᠤᠯᠢ ᠪᠤᠰᠤ ᠪᠠᠷᠢᠪᠴᠢᠯᠠᠭ᠎ᠠ ᠪᠠᠶᠢᠭᠰᠠᠨ ᠭᠡᠵᠦ ᠦᠵᠡᠵᠦ ᠥᠴᠥᠭᠡᠳᠦᠷ ᠰᠤᠯᠠᠯᠠᠭᠰᠠᠨ᠃ ᠮᠠᠨ ᠤ ᠪᠠᠩᠬᠢ ᠬᠠᠤᠯᠢ ᠵᠥᠷᠢᠴᠡᠭᠰᠡᠨ ᠵᠦᠢᠯ ᠪᠠᠶᠢᠬᠤ ᠦᠭᠡᠢ᠃ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠶᠢᠨ ᠨᠢᠭᠤᠴᠠ ᠫᠷᠣᠲ᠋ᠣᠺᠣᠯ ᠨᠢ ᠥᠩᠭᠡᠷᠡᠭᠰᠡᠨ ᠣᠨ ᠳᠤ ᠣᠯᠠᠨ ᠨᠡᠶᠢᠲᠡ ᠳᠦ ᠢᠯᠡ ᠪᠣᠯᠴᠢᠬᠠᠭᠰᠠᠨ ᠵᠦᠢᠯ᠃ ᠮᠥᠨ ᠡᠷᠳᠡᠨᠢᠲᠦ ᠶᠢ ᠬᠤᠳᠠᠯᠳᠤᠵᠤ ᠠᠪᠬᠤ ᠰᠾᠧᠮ ᠨᠢ ᠲᠤᠬᠠᠢ ᠶᠢᠨ ᠦᠶ᠎ᠡ ᠳᠦ ᠡᠯ᠎ᠡ ᠬᠡᠷᠡᠭ ᠢ ᠰᠢᠯᠭᠠᠵᠤ ᠪᠠᠶᠢᠭᠰᠠᠨ ᠠᠵᠢᠯ ᠤᠨ ᠪᠠᠭ ᠤᠨ ᠭᠠᠷᠭᠠᠭᠰᠠᠨ ᠵᠦᠢᠯ᠃ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠣᠯᠠᠨ ᠨᠡᠶᠢᠲᠡ ᠳᠦ ᠮᠡᠳᠡᠭᠡᠯᠡᠬᠦ ᠳᠦ ᠪᠡᠨ᠂ ᠳᠡᠭᠡᠷᠡᠬᠢ ᠪᠠᠷᠢᠮᠲᠠ ᠶᠢ ᠰᠢᠭᠦᠬᠦ ᠪᠡᠷ ᠲᠣᠭᠲᠠᠭᠠᠭᠠᠳ ᠨᠣᠲᠠᠯᠠᠴᠢᠬᠠᠭᠰᠠᠨ ᠶᠤᠮ ᠰᠢᠭ᠋ ᠶᠠᠷᠢᠭᠰᠠᠨ᠃ ᠡᠨᠡ ᠪᠦᠬᠦᠨ ᠨᠣᠲᠠᠯᠠᠭᠳᠠᠭ᠎ᠠ ᠦᠭᠡᠢ᠂ ᠮᠥᠷᠳᠡᠨ ᠪᠠᠶᠢᠴᠠᠭᠠᠯᠲᠠ ᠶᠢᠨ ᠱᠠᠲᠤᠨ ᠳᠤ ᠪᠠᠨ ᠪᠠᠶᠢᠭ᠎ᠠ᠃ ᠮᠠᠨ ᠤ ᠪᠠᠩᠬᠢ 29 ᠵᠢᠯ ᠦᠨ ᠲᠡᠦᠬᠡᠨ ᠳᠦ ᠪᠡᠨ ᠮᠣᠩᠭᠣᠯ ᠤᠯᠤᠰ ᠤᠨ ᠬᠡᠳᠦᠨ ᠵᠠᠭᠤᠨ ᠺᠣᠮᠫᠠᠨᠢ᠂ ᠠᠵᠤ ᠠᠬᠤᠢ ᠶᠢᠨ ᠨᠢᠭᠡᠴᠢ ᠪᠠᠶᠢᠭᠤᠯᠤᠯᠭ᠎ᠠ ᠳᠤ ᠰᠠᠩᠬᠦᠦᠵᠢᠯᠲᠠ ᠣᠯᠭᠤᠭᠰᠠᠨ᠃ ᠮᠠᠨ ᠤ ᠪᠠᠩᠬᠢ ᠬᠠᠤᠯᠢ ᠶᠢᠨ ᠳᠠᠭᠠᠤ᠂ ᠲᠥᠰᠥᠯ ᠬᠥᠲᠥᠯᠪᠦᠷᠢ ᠨᠦᠭᠦᠳ ᠲᠦ ᠲᠠᠯᠪᠢᠭᠳᠠᠬᠤ ᠱᠠᠭᠠᠷᠳᠠᠯᠭ᠎ᠠ ᠶᠢᠨ ᠳᠠᠭᠠᠤ ᠰᠠᠩᠬᠦᠦᠵᠢᠯᠲᠠ ᠣᠯᠭᠤᠳᠠᠭ᠃ ᠲᠡᠭᠦᠨᠴᠢᠯᠡᠨ ᠣᠯᠠᠨ ᠤᠯᠤᠰ ᠤᠨ ᠵᠠᠬ᠎ᠠ ᠵᠡᠭᠡᠯᠢ ᠳᠦ  ᠪᠤᠨᠳ᠋ ᠭᠠᠷᠭᠠᠵᠤ᠂ ᠶᠡᠬᠡ ᠬᠡᠮᠵᠢᠶᠡᠨ ᠦ ᠬᠥᠷᠥᠩᠭᠡ ᠪᠣᠰᠬᠠᠵᠤ ᠢᠷᠡᠭᠰᠡᠨ ᠮᠠᠨ ᠤ ᠪᠠᠩᠬᠢᠨ ᠤ ᠨᠡᠷ᠎ᠡ ᠬᠦᠨᠳᠦ ᠶᠢ ᠬᠠᠷᠠᠯᠠᠭᠤᠯᠵᠤ᠂ ᠣᠨᠴᠠ ᠨᠣᠴᠢᠲᠠᠢ ᠭᠡᠮᠲᠦ ᠬᠡᠷᠡᠭᠲᠡᠨ ᠪᠣᠯᠭᠠᠵᠤ᠂  ᠨᠠᠮᠠᠶᠢ ᠲᠤᠰᠬᠠᠢ ᠬᠦᠴᠦᠨ ᠦ ᠬᠢᠨ ᠢᠶᠡᠷ ᠪᠠᠷᠢᠪᠴᠢᠯᠠᠭᠤᠯᠵᠤ᠂ ᠬᠡᠪᠯᠡᠯ ᠮᠡᠳᠡᠭᠡᠯᠡᠯ ᠢᠶᠡᠷ ᠰᠠᠴᠤᠭᠰᠠᠨ ᠳᠤ ᠬᠠᠷᠠᠮᠰᠠᠵᠤ ᠪᠠᠶᠢᠨ᠎ᠠ᠃ ᠡᠨᠡ ᠨᠡᠷ᠎ᠡ ᠲᠥᠷᠥ ᠪᠡᠨ ᠡᠷᠭᠢᠭᠦᠯᠵᠦ ᠠᠪᠬᠤ ᠬᠦᠷᠲᠡᠯ᠎ᠡ ᠲᠤᠤᠱᠲᠠᠢ ᠠᠵᠢᠯᠯᠠᠨ᠎ᠠ᠃ ᠬᠠᠷᠢᠯᠴᠠᠭᠴᠢ  ᠨᠠᠷ  ᠲᠤ ᠪᠠᠨ ᠬᠠᠨᠳᠤᠵᠤ ᠬᠡᠯᠡᠬᠦ ᠳᠦ᠂ ᠥᠩᠭᠡᠷᠡᠭᠰᠡᠨ ᠡᠳᠦᠷ ᠦᠳ ᠲᠦ ᠮᠠᠨ ᠤ ᠪᠠᠩᠬᠢ ᠶᠢ ᠣᠶᠢᠯᠠᠭᠠᠵᠤ᠂ ᠳᠡᠮᠵᠢᠯᠭᠡ ᠦᠵᠡᠭᠦᠯᠦᠭᠰᠡᠨ ᠳᠦ ᠲᠠᠯᠠᠷᠬᠠᠵᠤ ᠪᠠᠶᠢᠨ᠎ᠠ ᠭᠡᠪᠡ᠃
ᠬᠤᠳᠠᠯᠳᠤᠭ᠎ᠠ ᠬᠥᠭᠵᠢᠯ ᠦᠨ ᠪᠠᠩᠬᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ ᠭᠦᠢᠴᠡᠳᠭᠡᠬᠦ ᠳᠡᠳ᠋ ᠳᠠᠷᠤᠭ᠎ᠠ ᠷ∙ᠺᠣᠫᠫᠠ ᠄ᠡᠷᠳᠡᠨᠢᠲᠦ ᠦᠢᠯᠡᠳᠪᠦᠷᠢ ᠶᠢ ᠬᠤᠳᠠᠯᠳᠤᠨ ᠠᠪᠤᠭᠰᠠᠨ  ᠰᠠᠩᠬᠦᠦᠵᠢᠯᠲᠠ ᠶᠢᠨ ᠮᠧᠬᠠᠨᠢᠰᠮ ᠨᠢ ᠣᠯᠠᠨ ᠤᠯᠤᠰ ᠲᠤ ᠥᠷᠭᠡᠨ ᠠᠰᠢᠭᠯᠠᠭᠳᠠᠳᠠᠭ᠃ ᠲᠣᠳᠣᠷᠠᠭᠤᠯᠪᠠᠯ᠂ ᠣᠯᠠᠨ ᠤᠯᠤᠰ ᠲᠤ LPO ᠪᠤᠶᠤ  ᠵᠢᠭᠡᠯᠡ ᠪᠡᠷ ᠬᠤᠳᠠᠯᠳᠤᠨ ᠠᠪᠬᠤ ᠦᠢᠯᠡ ᠶᠠᠪᠤᠴᠠ ᠭᠡᠵᠦ ᠨᠡᠷᠡᠯᠡᠳᠡᠭ᠃ ᠥᠭᠡᠷ᠎ᠡ ᠪᠡᠷ ᠬᠡᠯᠡᠪᠡᠯ᠂ ᠠᠯᠢᠪᠠ ᠨᠢᠭᠡ ᠺᠣᠮᠫᠠᠨᠢ ᠥᠭᠡᠷ᠎ᠡ ᠺᠣᠮᠫᠠᠨᠢ ᠶᠢ ᠬᠤᠳᠠᠯᠳᠤᠵᠤ ᠠᠪᠬᠤ ᠳᠤ ᠪᠠᠨ᠂ ᠬᠤᠪᠢᠴᠠᠭ᠎ᠠ᠂ ᠢᠷᠡᠭᠡᠳᠦᠢ ᠶᠢᠨ ᠮᠥᠩᠭᠥᠨ ᠤᠷᠤᠰᠬᠠᠯ ᠢ ᠨᠢ ᠪᠠᠷᠢᠴᠠᠭᠠᠯᠠᠨ ᠵᠢᠭᠡᠯᠡ ᠠᠪᠴᠤ᠂ ᠲᠤᠬᠠᠢ ᠶᠢᠨ ᠺᠣᠮᠫᠠᠨᠢ ᠶᠢ ᠬᠤᠳᠠᠯᠳᠤᠨ ᠠᠪᠬᠤ ᠳᠤ ᠠᠰᠢᠭᠯᠠᠳᠠᠭ᠃ ᠡᠨᠡᠬᠦ ᠮᠧᠬᠠᠨᠢᠰᠮ ᠢ ᠠᠮᠧᠷᠢᠺᠠ ᠶᠢᠨ Wall street ᠍ ᠳᠦ ᠥᠷᠭᠡᠨ ᠠᠰᠢᠭᠯᠠᠳᠠᠭ ᠬᠡᠮᠡᠪᠡ᠃

ᠰᠡᠳᠬᠢᠭᠳᠡᠯ ᠦᠯᠡᠳᠡᠭᠡᠬᠦ