ᠰᠡᠯᠡᠩᠭᠡ ᠠᠶᠢᠮᠠᠭ ᠲᠤ ᠠᠩᠬ᠎ᠠ ᠤᠳᠠᠭ᠎ᠠ ᠵᠣᠬᠢᠶᠠᠭᠰᠠᠨ ᠥᠰᠪᠦᠷᠢ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠠᠭᠠᠯᠲᠠ ᠶᠢᠨ ᠦᠢᠯᠡ ᠠᠵᠢᠯᠯᠠᠭᠠᠨ ᠤ ᠦᠶ᠎ᠡ ᠪᠡᠷ ᠠᠶᠢᠮᠠᠭ ᠤᠨ ᠵᠠᠰᠠᠭ ᠳᠠᠷᠤᠭ᠎ᠠ ᠱ∙ᠣᠷᠭᠢᠯ ︽ᠰᠫᠣᠷᠲ ᠢ ᠳᠡᠮᠵᠢᠭᠴᠢ ᠠᠶᠢᠮᠠᠭ ᠢᠶᠠᠷ ᠰᠡᠯᠡᠩᠭᠡ ᠲᠣᠳᠣᠷᠠᠯ᠎ᠠ︾ ᠭᠡᠳᠡᠭ ᠢ ᠠᠯᠪᠠᠨ ᠶᠣᠰᠣᠭᠠᠷ ᠮᠡᠳᠡᠭᠳᠡᠯ᠎ᠡ᠃ ᠡᠨᠡ ᠴᠤ ᠤᠳᠬ᠎ᠠ ᠪᠠᠷ ᠢᠶᠠᠨ ᠤᠭ ᠲᠡᠮᠡᠴᠡᠭᠡᠨ ᠰᠡᠯᠡᠩᠭᠡ ᠠᠶᠢᠮᠠᠭ ᠤᠨ ᠵᠠᠰᠠᠭ ᠳᠠᠷᠤᠭ᠎ᠠ ᠱ∙ᠣᠷᠭᠢᠯ ᠤᠨ ᠰᠠᠨᠠᠭᠠᠴᠢᠯᠠᠭ᠎ᠠ ᠢᠪᠡᠭᠡᠯ ᠳᠣᠣᠷ᠎ᠠ᠂ ᠵᠣᠬᠢᠶᠠᠨ ᠪᠠᠶᠢᠭᠤᠯᠤᠯᠲᠠ ᠶᠢᠨ᠂ ᠰᠠᠩᠬᠦᠦ ᠶᠢᠨ ᠳᠡᠮᠵᠢᠯᠭᠡ ᠲᠡᠢ ᠪᠡᠷ ᠪᠣᠯᠤᠭᠰᠠᠨ ᠶᠤᠮ᠃ ᠰᠡᠯᠡᠩᠭᠡ ᠠᠶᠢᠮᠠᠭ ᠰᠫᠣᠷᠲ ᠢ ᠳᠡᠮᠵᠢᠭᠴᠢ ᠠᠶᠢᠮᠠᠭ ᠪᠣᠯᠬᠤ ᠬᠥᠳᠡᠯᠭᠡᠭᠡᠨ ᠢ ᠥᠷᠨᠢᠭᠦᠯᠵᠦ᠂ ᠥᠩᠭᠡᠷᠡᠭᠰᠡᠨ 2018 ᠣᠨ ᠳᠤ ᠤᠯᠤᠰ ᠤᠨ ᠠᠪᠤᠷᠭᠤ ᠰᠢᠯᠭᠠᠷᠠᠭᠤᠯᠬᠤ ᠳᠣᠯᠣᠭᠠᠨ ᠲᠡᠮᠡᠴᠡᠭᠡᠨ ᠢ ᠠᠶᠢᠮᠠᠭ ᠲᠤ ᠪᠠᠨ ᠠᠮᠵᠢᠯᠲᠠᠲᠠᠢ ᠵᠣᠬᠢᠶᠠᠨ ᠪᠠᠶᠢᠭᠤᠯᠵᠠᠢ᠃ ᠡᠨᠳᠡ 21 ᠠᠶᠢᠮᠠᠭ᠂ 9 ᠳᠡᠭᠦᠷᠭᠡ ᠶᠢᠨ 3240 ᠭᠠᠷᠤᠢ ᠲᠠᠮᠢᠷᠴᠢᠨ ᠬᠤᠷᠳᠤ ᠬᠦᠷᠴᠦ᠂ ᠠᠪᠢᠶᠠᠰ ᠢᠶᠠᠨ ᠰᠣᠷᠢᠨ ᠣᠷᠣᠯᠴᠠᠵᠠᠢ᠃ ᠲᠡᠭᠦᠨᠴᠢᠯᠡᠨ ᠰᠡᠯᠡᠩᠭᠡ ᠠᠶᠢᠮᠠᠭ ᠵᠢᠯ ᠪᠦᠷᠢ 1000-1500 ᠬᠡᠦᠬᠡᠳ ᠦᠨ ᠰᠢᠲᠠᠷ᠎ᠠ ᠶᠢᠨ ᠲᠡᠮᠡᠴᠡᠭᠡᠨ ᠢ ᠲᠣᠭᠲᠠᠮᠠᠯ ᠵᠣᠬᠢᠶᠠᠨ ᠪᠠᠶᠢᠭᠤᠯᠵᠤ ᠬᠡᠪᠰᠢᠭᠰᠡᠨ ᠪᠥᠭᠡᠳ ᠡᠭᠦᠨ ᠦ ᠦᠷ᠎ᠡ ᠳ᠋ᠦᠩ ᠳᠦ ᠤᠯᠤᠰ᠂ ᠲᠢᠪ᠂ ᠳᠡᠯᠡᠬᠡᠢ ᠶᠢᠨ ᠬᠡᠮᠵᠢᠶᠡᠨ ᠳᠦ ᠦᠷᠢᠰᠦᠯᠳᠦᠬᠦ ᠢᠷᠡᠭᠡᠳᠦᠢ ᠶᠢᠨ ᠰᠢᠲᠠᠷᠠᠴᠢᠳ᠂ ᠣᠶᠤᠨ ᠤ ᠶᠡᠬᠡ ᠮᠠᠰᠲ᠋ᠸᠷ ᠤᠳ ᠢ ᠲᠥᠷᠦᠭᠦᠯᠦᠭᠰᠡᠭᠡᠷ ᠪᠠᠶᠢᠭ᠎ᠠ ᠨᠢ ᠪᠤᠳᠠᠲᠠᠢ ᠂ ᠠᠴᠢ ᠲᠤᠰᠠ᠂ ᠨᠥᠯᠥᠭᠡ ᠪᠡᠨ ᠦᠵᠡᠭᠦᠯᠦᠭᠰᠡᠭᠡᠷ ᠪᠠᠶᠢᠭ᠎ᠠ ᠶᠤᠮ᠃