ᠵᠠᠰᠠᠭ ᠤᠨ ᠭᠠᠵᠠᠷ ᠤᠨ 2008 ᠣᠨ ᠤ 196 ᠳ᠋ᠤᠭᠠᠷ ᠲᠣᠭᠲᠠᠭᠠᠯ ᠤᠨ ᠬᠠᠪᠰᠤᠷᠤᠯᠲᠠ ︽ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ ︾ ᠶᠢᠨ 3.2 ᠵᠢᠭᠠᠯᠲᠠ ᠵᠣᠷᠢᠯᠲᠠ᠂ ᠳᠠᠷᠬᠠᠨ-ᠠᠭᠤᠯᠠ ᠠᠶᠢᠮᠠᠭ ᠤᠨ ᠳᠡᠳ᠋ ᠬᠥᠲᠥᠯᠪᠦᠷᠢ ᠶᠢᠨ 4.3.3 ᠶᠢ ᠦᠨᠳᠦᠰᠦᠯᠡᠨ ᠮᠣᠩᠭᠣᠯ ᠪᠢᠴᠢᠭ ᠦᠨ ᠰᠤᠷᠭᠠᠯᠲᠠ ᠶᠢᠨ ᠴᠢᠨᠠᠷ ᠢ ᠡᠷᠴᠢᠮᠵᠢᠭᠦᠯᠦᠨ ᠰᠠᠶᠢᠵᠢᠷᠠᠭᠤᠯᠬᠤ᠂ ᠰᠤᠷᠤᠭᠴᠢᠳ ᠤᠨ ᠰᠤᠷᠬᠤ ᠢᠳᠡᠪᠬᠢ ᠶᠢ ᠥᠷᠨᠢᠭᠦᠯᠬᠦ᠂ ᠲᠡᠷᠢᠭᠦᠨ ᠦ ᠪᠠᠭᠰᠢ᠂ ᠰᠤᠷᠤᠭᠴᠢᠳ ᠢ ᠲᠣᠳᠣᠷᠠᠭᠤᠯᠬᠤ᠂ ᠮᠣᠩᠭᠣᠯ ᠪᠢᠴᠢᠭ ᠦᠨ ᠬᠢᠴᠢᠶᠡᠯ ᠦᠨ ᠰᠢᠨᠵᠢᠯᠡᠬᠦ ᠤᠬᠠᠭᠠᠨ ᠤ ᠣᠨᠣᠯ ᠤᠨ ᠲᠦᠪᠰᠢᠨ᠂ ᠣᠯᠵᠤ ᠠᠪᠤᠭᠰᠠᠨ ᠮᠡᠳᠡᠯᠭᠡ ᠴᠢᠳᠠᠪᠤᠷᠢ ᠶᠢᠨ ᠬᠡᠷᠡᠭᠯᠡᠭᠡ ᠶᠢ ᠬᠢᠨᠠᠬᠤ ᠵᠣᠷᠢᠯᠭ᠎ᠠ ᠲᠠᠢ ︽ᠠᠯᠲᠠᠨ ᠦᠰᠦᠭ ᠦᠨ ᠪᠠᠶᠠᠷ ︾᠍ ᠢ 16 ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠤᠯ᠎ᠠ᠃
ᠪᠠᠶᠠᠷ ᠨᠡᠷ᠎ᠡ ᠶᠢᠨ ᠳᠣᠣᠷ᠎ᠠ ᠵᠣᠬᠢᠶᠠᠨ ᠪᠠᠶᠢᠭᠤᠯᠳᠠᠭ ᠴᠤ ᠰᠤᠶᠤᠯ ᠤᠨ ᠥᠪ ᠪᠣᠯᠤᠭᠰᠠᠨ ᠮᠣᠩᠭᠣᠯ ᠪᠢᠴᠢᠭ ᠢᠶᠡᠨ ᠳᠡᠭᠡᠳᠦᠯᠡᠬᠦ᠂ ᠲᠦᠭᠡᠭᠡᠨ ᠳᠡᠯᠭᠡᠷᠡᠭᠦᠯᠬᠦ᠂ ᠢᠷᠡᠭᠡᠳᠦᠢ ᠬᠣᠶᠢᠴᠢ ᠦᠶ᠎ᠡ᠂ ᠢᠷᠭᠡᠨ᠂ ᠠᠵᠤ ᠠᠬᠤᠢ ᠶᠢᠨ ᠨᠢᠭᠡᠴᠢ ᠍ ᠨᠤᠭᠦᠳ ᠲᠤ ᠰᠤᠷᠲᠠᠯᠴᠢᠯᠠᠨ ᠲᠠᠨᠢᠭᠤᠯᠬᠤ ᠲᠡᠳᠡᠨ ᠦ ᠣᠷᠣᠯᠴᠠᠭ᠎ᠠ ᠶᠢ ᠨᠡᠮᠡᠭᠳᠡᠭᠦᠯᠬᠦ ᠡᠭᠦᠳᠡᠨ ᠡᠴᠡ ᠣᠯᠢᠮᠫᠢᠶᠠᠳ᠋ ᠪᠣᠯᠭᠠᠨ ᠬᠡᠪᠰᠢᠭᠦᠯᠦᠭᠰᠡᠨ᠃ ᠮᠣᠩᠭᠣᠯ ᠪᠢᠴᠢᠭ ᠦᠨ ᠣᠯᠢᠮᠫᠢᠶᠠᠳ᠋ ᠍ ᠢ ᠠᠩᠬ᠎ᠠ 2002 ᠣᠨ ᠳᠤ ︽ᠠᠯᠲᠠᠨ ᠦᠰᠦᠭ ᠦᠨ ᠪᠠᠶᠠᠷ ︾ ᠨᠡᠷ᠎ᠡ ᠶᠢᠨ ᠳᠣᠣᠷ᠎ᠠ ᠠᠶᠢᠮᠠᠭ ᠤᠨ ᠪᠣᠯᠪᠠᠰᠤᠷᠠᠯ᠂ ᠰᠤᠶᠤᠯ᠂ ᠤᠷᠠᠯᠢᠭ ᠤᠨ ᠭᠠᠵᠠᠷ ᠤᠨ ᠮᠣᠩᠭᠣᠯ ᠬᠡᠯᠡ᠂ ᠤᠷᠠᠨ ᠵᠣᠬᠢᠶᠠᠯ ᠤᠨ ᠮᠡᠷᠭᠡᠵᠢᠯᠲᠡᠨ ᠳ ᠤᠶᠤᠨᠪᠢᠯᠢᠭ᠌ ᠰᠠᠨᠠᠭᠠᠴᠢᠯᠠᠭᠰᠠᠨ ᠠᠴᠠ ᠬᠣᠶᠢᠰᠢ ᠵᠢᠯ ᠪᠦᠷᠢ ᠵᠣᠬᠢᠶᠠᠨ ᠪᠠᠶᠢᠭᠤᠯᠵᠤ ᠪᠠᠶᠢᠨ᠎ᠠ᠃ ᠡᠨᠡ ᠵᠢᠯ ᠦᠨ ︽ᠠᠯᠲᠠᠨ ᠦᠰᠦᠭ ᠦᠨ ᠪᠠᠶᠠᠷ ︾ ᠲᠤ ᠍ ᠶᠡᠷᠦᠩᠬᠡᠢ ᠪᠣᠯᠪᠠᠰᠤᠷᠠᠯ ᠤᠨ 23 ᠰᠤᠷᠭᠠᠭᠤᠯᠢ ᠶᠢᠨ 565 ᠰᠤᠷᠤᠭᠴᠢ᠂ ᠪᠠᠭ᠎ᠠ ᠠᠩᠬᠢ ᠶᠢᠨ 25 ᠪᠠᠭᠰᠢ᠂ ᠳᠤᠮᠳᠠ ᠠᠩᠬᠢ ᠶᠢᠨ 32 ᠪᠠᠭᠰᠢ ᠣᠷᠣᠯᠴᠠᠵᠠᠢ᠃ ᠡᠨᠡ ᠤᠳᠠᠭ᠎ᠠ ᠶᠢᠨ ᠪᠣᠰᠤᠭ᠎ᠠ ᠪᠢᠴᠢᠭᠲᠡᠨ ᠨᠦᠭᠦᠳ ᠦᠨ ᠰᠢᠯᠢᠳᠡᠭ ᠢᠶᠡᠷ ᠭ∙ᠪᠤᠷᠮ᠎ᠠ ᠠᠬᠠᠯᠠᠭᠴᠢ ᠲᠠᠢ ︽ᠣᠶᠤᠨ ᠤ ᠢᠷᠡᠭᠡᠳᠦᠢ︾ ᠴᠣᠭᠴᠠᠯᠠᠪᠤᠷᠢ ᠰᠤᠷᠭᠠᠭᠤᠯᠢ᠂ ᠭ∙ ᠨᠢᠮᠠᠵᠠᠶᠠᠭᠠ ᠠᠬᠠᠯᠠᠭᠴᠢ ᠲᠠᠢ ︽ᠣᠳᠣ︾ ᠴᠣᠭᠴᠠᠯᠠᠪᠤᠷᠢ᠂ ᠡ᠊∙ᠰᠡᠷᠭᠦᠯᠡᠩ ᠠᠬᠠᠯᠠᠭᠴᠢ ᠲᠠᠢ ︽ᠳᠠᠷᠬᠠᠨ-ᠡᠮᠫᠠᠲ᠋ᠢ︾ ᠰᠤᠷᠭᠠᠭᠤᠯᠢ ᠰᠢᠯᠭᠠᠷᠠᠵᠠᠢ᠃ ᠳᠠᠰᠢᠷᠠᠮ ᠳᠤ ᠬᠡᠯᠡᠬᠦ ᠳᠦ᠂ ︽ᠠᠯᠲᠠᠨ ᠦᠰᠦᠭ ︾ ᠪᠠᠶᠠᠷ ᠤᠨ ᠬᠦᠷᠢᠶᠡᠨ ᠳᠦ ᠦᠨᠳᠦᠰᠦᠨ ᠦ ᠪᠢᠴᠢᠭ ᠵᠢᠭᠠᠬᠤ ᠠᠷᠭ᠎ᠠ ᠵᠦᠢ᠂ ᠮᠡᠳᠡᠯᠭᠡ ᠴᠢᠳᠠᠪᠤᠷᠢ ᠰᠠᠶᠢᠲᠠᠢ ᠪᠠᠭ᠎ᠠ ᠠᠩᠬᠢ ᠶᠢᠨ ᠪᠠᠭᠰᠢ ᠨᠠᠷ ᠤᠨ ︽ ᠭᠡᠷ ᠦᠨ ᠪᠠᠭᠰᠢ ︾ ᠴᠠᠬᠢᠮ ᠬᠠᠭᠤᠳᠠᠰᠤ ᠨᠡᠭᠡᠭᠡᠵᠦ᠂ ᠪᠠᠭᠰᠢ ᠪᠦᠷᠢ 1-2 ᠬᠡᠦᠬᠡᠳ ᠢ ᠦᠨᠳᠦᠰᠦᠨ ᠦ ᠪᠢᠴᠢᠭᠲᠡᠨ ᠪᠣᠯᠭᠠᠬᠤ ᠬᠥᠳᠡᠯᠭᠡᠭᠡᠨ ᠥᠷᠨᠢᠭᠦᠯᠬᠦ ᠪᠡᠷ ᠪᠣᠯᠤᠭᠰᠠᠨ ᠠᠵᠡᠢ ᠃