︽ᠤᠭ ᠤᠨ ᠪᠢᠴᠢᠭ ᠬᠦᠲᠦᠯᠦᠯᠲᠠ︾ ᠵᠦᠪᠯᠡᠯᠭᠡᠨ ᠪᠣᠯᠤᠯ᠎ᠠ | News.MN

︽ᠤᠭ ᠤᠨ ᠪᠢᠴᠢᠭ ᠬᠦᠲᠦᠯᠦᠯᠲᠠ︾ ᠵᠦᠪᠯᠡᠯᠭᠡᠨ ᠪᠣᠯᠤᠯ᠎ᠠ

ᠤᠯᠤᠰ ᠤᠨ ᠶᠡᠬᠡ ᠬᠤᠷᠠᠯ ᠤᠨ ᠨᠡᠶᠢᠭᠡᠮ ᠤᠨ ᠪᠣᠳᠣᠯᠭ᠎ᠠ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠤ ᠪᠠᠶᠢᠩᠭᠤ ᠶᠢᠨ ᠬᠣᠷᠢᠶ᠎ᠠ ᠪᠣᠯᠤᠨ ᠡᠷᠭᠦᠳᠡᠯ ᠦᠨ ᠪᠠᠶᠢᠩᠭᠤ ᠶᠢᠨ ᠬᠣᠷᠢᠶᠠᠨ ᠠᠴᠠ ᠬᠠᠮᠲᠤᠷᠠᠨ ︽ᠤᠭ ᠤᠨ ᠪᠢᠴᠢᠭ ᠦᠨ ᠬᠦᠲᠦᠯᠦᠯᠲᠠ︾ ᠵᠦᠪᠯᠡᠯᠭᠡᠨ ᠢ ᠥᠨᠥᠳᠥᠷ ︵2019.03.06︶ ᠲᠥᠷᠥ ᠶᠢᠨ ᠣᠷᠳᠣᠨ ᠳᠦ ᠵᠣᠬᠢᠶᠠᠨ ᠪᠠᠶᠢᠭᠤᠯᠪᠠ᠃  ᠤᠭ ᠵᠦᠪᠯᠡᠯᠭᠡᠨ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠬᠦᠮᠦᠨ ᠦ ᠬᠥᠭᠵᠢᠯ᠂ ᠨᠡᠶᠢᠭᠡᠮ ᠤᠨ ᠪᠣᠳᠣᠯᠭ᠎ᠠ ᠶᠢᠨ ᠵᠥᠪᠯᠡᠬᠦ ᠳ∙ᠦᠷᠦᠨᠲᠤᠶᠠᠭ᠎ᠠ᠂ ᠢᠷᠭᠡᠨ ᠦ ᠨᠡᠶᠢᠭᠡᠮ᠂ ᠬᠦᠮᠦᠨ ᠦ ᠡᠷᠬᠡ ᠶᠢᠨ ᠪᠣᠳᠣᠯᠭ᠎ᠠ ᠶᠢᠨ ᠵᠥᠪᠯᠡᠬᠦ ᠭ∙ᠤᠶᠠᠩᠭ᠎ᠠ᠂ ᠤᠯᠤᠰ ᠤᠨ ᠶᠡᠬᠡ ᠬᠤᠷᠠᠯ ᠤᠨ ᠮ∙ᠣᠶᠤᠨᠴᠢᠮᠡᠭ ᠪᠣᠯᠤᠨ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠶᠠᠮᠤᠨ᠂ ᠡᠷᠡᠭᠦᠯ ᠮᠡᠨᠳᠦ ᠶᠢᠨ ᠶᠠᠮᠤᠨ᠂ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ᠂ ᠲᠥᠷᠥ ᠶᠢᠨ ᠪᠤᠰᠤ ᠪᠠᠶᠢᠭᠤᠯᠤᠯᠭ᠎ᠠ᠂ ᠡᠷᠳᠡᠮᠲᠡᠨ ᠰᠤᠳᠤᠯᠤᠭᠠᠴᠢᠳ ᠤᠨ ᠲᠥᠯᠥᠭᠡᠯᠡᠯ ᠣᠷᠣᠯᠴᠠᠯ᠎ᠠ᠃
ᠬᠦᠮᠦᠨ ᠠᠮᠠ ᠶᠢᠨ ᠤᠳᠤᠮ ᠤᠨ ᠰᠠᠩ ᠤᠨ ᠠᠶᠤᠯᠭᠦᠢ ᠪᠠᠶᠢᠳᠠᠯ᠂ ᠴᠢᠰᠤ ᠣᠶᠢᠷᠠᠲᠤᠯᠲᠠ᠂ ᠤᠭ ᠤᠨ ᠪᠢᠴᠢᠭ ᠲᠡᠢ ᠬᠣᠯᠪᠣᠭ᠎ᠠ ᠲᠠᠢ ᠲᠥᠷᠥ ᠵᠠᠰᠠᠭ ᠤᠨ ᠰᠢᠢᠳᠪᠦᠷᠢ ᠠᠩᠬ᠎ᠠ 1991 ᠣᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ 115 ᠳ᠋ᠤᠭᠠᠷ ᠵᠠᠷᠯᠢᠭ ᠢᠶᠠᠷ ᠭᠠᠷᠴᠤ ᠪᠠᠶᠢᠭᠰᠠᠨ᠃ ᠮᠥᠨ 1996 ᠣᠨ ᠳᠤ ︽ᠰᠤᠶᠤᠯ ᠤᠨ ᠲᠤᠬᠠᠢ︾ ᠬᠠᠤᠯᠢ ᠳᠤ ᠲᠤᠰᠬᠠᠵᠤ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠬᠡᠳᠦ ᠬᠡᠳᠦᠨ ᠲᠣᠭᠲᠠᠭᠠᠯ ᠤᠳ ᠪᠠᠲᠤᠯᠠᠭᠰᠠᠨ ᠴᠤ ᠬᠡᠷᠡᠭᠵᠢᠬᠦ ᠦᠭᠡᠢ ᠪᠠᠶᠢᠭ᠎ᠠ ᠶᠢ  ᠵᠦᠪᠯᠡᠯᠭᠡᠨ ᠳᠦ ᠣᠷᠣᠯᠴᠠᠭᠴᠢᠳ ᠬᠡᠯᠡᠵᠦ ᠪᠠᠶᠢᠨ᠎ᠠ᠃ 2017 ᠣᠨ ᠳᠤ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ᠂ ︽ᠮᠣᠩᠭᠣᠯ ᠤᠨ ᠤᠷᠤᠭ᠂ ᠤᠳᠤᠮ᠂ ᠤᠯᠠᠮᠵᠢᠯᠠᠯ ᠤᠨ ᠬᠣᠯᠪᠣᠭ᠎ᠠ︾ ᠲᠥᠷᠥ ᠶᠢᠨ ᠪᠤᠰᠤ ᠪᠠᠶᠢᠭᠤᠯᠤᠯᠭ᠎ᠠ ᠲᠠᠢ ᠬᠠᠮᠲᠤᠷᠠᠨ 21 ᠠᠶᠢᠮᠠᠭ᠂ 9 ᠳᠡᠭᠦᠷᠭᠡ ᠶᠢᠨ 100 ᠭᠠᠷᠤᠢ ᠲᠥᠯᠥᠭᠡᠯᠡᠭᠴᠢ ᠣᠷᠣᠯᠴᠠᠭᠰᠠᠨ ︽ᠤᠭ ᠤᠨ ᠪᠢᠴᠢᠭᠲᠡᠨ︾ ᠤᠯᠤᠰ ᠤᠨ ᠠᠩᠬᠠᠳᠤᠭᠠᠷ ᠵᠥᠪᠯᠡᠭᠡᠨ ᠢ ᠵᠣᠬᠢᠶᠠᠨ ᠪᠠᠶᠢᠭᠤᠯᠵᠤ᠂ ︽ᠤᠭ ᠤᠨ ᠪᠢᠴᠢᠭ ᠬᠥᠲᠥᠯᠬᠦ︾ ᠣᠯᠠᠨ ᠨᠡᠶᠢᠲᠡ ᠶᠢᠨ ᠰᠠᠨᠠᠭᠠᠴᠢᠯᠠᠭ᠎ᠠ ᠥᠷᠨᠢᠭᠦᠯᠦᠭᠰᠡᠨ ᠪᠠᠶᠢᠨ᠎ᠠ᠃ 2018 ᠣᠨ ᠳᠤ ︽ᠤᠭ ᠤᠨ ᠪᠢᠴᠢᠭ ᠬᠥᠲᠥᠯᠬᠦ︾ ᠣᠯᠠᠨ ᠨᠡᠶᠢᠲᠡ ᠶᠢᠨ ᠰᠠᠨᠠᠭᠠᠴᠢᠯᠠᠭ᠎ᠠ ᠶᠢᠨ ᠨᠥᠯᠥᠭᠡᠯᠡᠯ᠂ ᠰᠤᠷᠲᠠᠯᠴᠢᠯᠠᠭᠠᠨ ᠤ ᠠᠷᠭ᠎ᠠ ᠬᠡᠮᠵᠢᠶᠡᠨ ᠳᠦ ᠨᠡᠶᠢᠲᠡ 12463 ᠢᠷᠭᠡᠨ ᠢ ᠬᠠᠮᠤᠷᠤᠭᠤᠯᠤᠭᠰᠠᠨ ᠪᠠᠶᠢᠨ᠎ᠠ᠃ ︽ᠤᠭ ᠤᠨ ᠪᠢᠴᠢᠭ ᠬᠥᠲᠥᠯᠬᠦ ᠦᠯᠢᠭᠡᠷᠴᠢᠯᠡᠭᠰᠡᠨ ᠵᠠᠭᠪᠤᠷ︾ ᠍ ᠢ ᠪᠠᠷᠢᠮᠲᠠᠯᠠᠨ ᠮᠣᠩᠭᠣᠯ ᠤᠯᠤᠰ ᠤᠨ ᠢᠷᠭᠡᠨ ᠪᠦᠷᠢ ᠶᠢ ᠤᠭ ᠤᠨ ᠪᠢᠴᠢᠭ ᠢᠶᠡᠨ ᠬᠥᠲᠥᠯᠬᠦ ᠳᠦ ᠨᠢ ᠨᠢᠭᠡᠳᠦᠭᠰᠡᠨ ᠠᠷᠭ᠎ᠠ ᠵᠦᠢ ᠪᠡᠷ ᠲᠤᠰᠠᠯᠠᠵᠤ᠂ ᠰᠠᠨᠠᠭᠠᠴᠢᠯᠠᠭ᠎ᠠ ᠲᠠᠢ ᠠᠵᠢᠯᠯᠠᠵᠤ ᠪᠠᠶᠢᠭ᠎ᠠ ᠪᠠᠶᠢᠭᠤᠯᠤᠯᠭ᠎ᠠ᠂ ᠬᠠᠮᠲᠤ ᠣᠯᠠᠨ ᠢ ᠳᠡᠮᠵᠢᠨ ᠤᠷᠮᠠᠰᠢᠭᠤᠯᠳᠠᠭ ᠲᠣᠭᠲᠠᠯᠴᠠᠭ᠎ᠠ ᠶᠢ ᠪᠦᠷᠢᠳᠦᠭᠦᠯᠬᠦ ᠳᠦ ᠴᠢᠭᠯᠡᠭᠰᠡᠨ ᠦᠢᠯᠡ ᠠᠵᠢᠯᠯᠠᠭ᠎ᠠ ᠶᠢ 2019 ᠣᠨ ᠤ ᠠᠵᠢᠯ ᠤᠨ ᠲᠥᠯᠦᠪᠯᠡᠭᠡᠨ ᠳᠦ ᠲᠤᠰᠬᠠᠨ ᠬᠡᠷᠡᠭᠵᠢᠭᠦᠯᠵᠦ ᠪᠠᠶᠢᠭ᠎ᠠ ᠠᠵᠠᠢ᠃

ᠮᠣᠩᠭᠣᠯ ᠤᠨ ᠬᠦᠮᠦᠨ ᠠᠮᠠ ᠳ᠋ᠡᠬᠢ ᠭᠡᠷᠯᠡᠯᠲᠡ ᠶᠢᠨ ᠪᠠᠶᠢᠳᠠᠯ ᠢ ᠰᠤᠳᠤᠯᠤᠨ ᠦᠵᠡᠪᠡᠯ ᠨᠢᠭᠡ ᠪᠠᠭ ᠤᠨ  ᠤᠤᠭᠠᠯ ᠢᠷᠭᠡᠳ ᠬᠣᠭᠣᠷᠣᠨᠳᠣ ᠪᠠᠨ ᠭᠡᠷᠯᠡᠬᠦ ᠨᠢ ᠨᠡᠶᠢᠲᠡ ᠭᠡᠷᠯᠡᠯᠲᠡ ᠶᠢᠨ 85.4 ᠬᠤᠪᠢ᠂ ᠨᠢᠭᠡ ᠰᠤᠮᠤ ᠶᠢᠨ  ᠤᠤᠭᠠᠯ ᠢᠷᠭᠡᠳ ᠦᠨ ᠭᠡᠷᠯᠡᠯᠲᠡ73.9 ᠬᠤᠪᠢ᠂ ᠨᠢᠭᠡ ᠠᠶᠢᠮᠠᠭ ᠤᠨ ᠤᠤᠭᠠᠯ ᠢᠷᠭᠡᠳ ᠦᠨ ᠭᠡᠷᠯᠡᠯᠲᠡ 86.1 ᠬᠤᠪᠢ ᠶᠢ ᠲᠤᠰ ᠲᠤᠰ ᠡᠵᠡᠯᠡᠵᠡᠢ᠃ ᠮᠥᠨ ᠥᠨᠥᠳᠥᠷ ᠦᠨ  ᠵᠦᠪᠯᠡᠯᠭᠡᠨ ᠦ ᠦᠶ᠎ᠡ ᠪᠡᠷ ᠬᠥᠨᠳᠡᠭᠳᠡᠭᠰᠡᠨ ᠨᠢᠭᠡ ᠰᠡᠳᠦᠪ ᠨᠢ ᠤᠷᠤᠭ ᠤᠨ ᠣᠪᠤᠭ ᠤᠨ ᠠᠰᠠᠭᠤᠳᠠᠯ ᠪᠠᠶᠢᠯ᠎ᠠ᠃ ᠮᠣᠩᠭᠣᠯ ᠤᠨ ᠬᠦᠮᠦᠨ ᠠᠮᠠ ᠶᠢᠨ ᠳᠤᠮᠳᠠ ᠣᠪᠤᠭ ᠤᠨ ᠲᠤᠬᠠᠢ ᠣᠶᠢᠯᠠᠭᠠᠯᠲᠠ ᠦᠨᠳᠦᠰᠦᠨ ᠳᠦ ᠪᠡᠨ ᠮᠠᠷᠲᠠᠭᠳᠠᠭᠰᠠᠨ᠂ ᠣᠪᠤᠭ ᠠᠶᠢᠮᠠᠭ ᠳᠣᠲᠣᠷ᠎ᠠ ᠪᠠᠨ ᠦᠯᠦ ᠭᠡᠷᠯᠡᠬᠦ ᠤᠯᠠᠮᠵᠢᠯᠠᠯᠲᠤ ᠶᠣᠰᠣ ᠭᠡᠭᠡᠭᠳᠡᠵᠦ ᠴᠢᠰᠤᠨ ᠲᠥᠷᠥᠯ ᠦᠨ ᠬᠣᠯᠪᠣᠭ᠎ᠠ ᠦᠭᠡᠢ ᠭᠡᠰᠡᠨ ᠶᠡᠷᠦᠩᠬᠡᠢ ᠲᠠᠭᠠᠮᠠᠭ ᠢᠶᠠᠷ ᠭᠡᠷᠯᠡᠭᠰᠡᠳ ᠪᠡᠶ᠎ᠡ ᠪᠡᠶ᠎ᠡ ᠪᠡᠨ ᠰᠣᠩᠭᠣᠳᠠᠭ᠃ ᠰᠢᠨ᠎ᠡ ᠪᠡᠷ ᠣᠪᠤᠭ ᠲᠣᠭᠲᠠᠭᠠᠬᠤ ᠳᠤ ᠪᠠᠨ ᠬᠡᠷᠡᠭᠯᠡᠭᠰᠡᠨ ᠠᠷᠭ᠎ᠠ ᠨᠤᠭᠤᠳ ᠨᠢ ᠡᠴᠢᠭᠡ ᠶᠢᠨ ᠣᠪᠤᠭ ᠢ ᠥᠪᠯᠡᠨ᠂ ᠡᠬᠡ ᠶᠢᠨ ᠣᠪᠤᠭ ᠢ ᠲᠣᠭᠠᠴᠠᠬᠤ ᠶᠠᠪᠤᠳᠠᠯ ᠢ ᠣᠷᠬᠢᠭᠳᠠᠭᠤᠯᠤᠭᠰᠠᠨ᠂ ᠨᠢᠭᠡ ᠡᠴᠢᠭᠡ ᠡᠬᠡ ᠶᠢᠨ ᠦᠷ᠎ᠡ ᠤᠳᠤᠮ ᠢ ᠥᠭᠡᠷ᠎ᠡ ᠥᠭᠡᠷ᠎ᠡ ᠣᠪᠤᠭ ᠲᠠᠢ ᠪᠣᠯᠭᠠᠭᠰᠠᠨ ᠵᠡᠷᠭᠡ ᠭᠠᠵᠢᠭᠤᠳᠠᠯ ᠡᠭᠦᠰᠬᠡᠭᠰᠡᠨ ᠲᠡᠳᠦᠢ ᠦᠭᠡᠢ ᠮᠣᠩᠭᠣᠯᠴᠤᠳ ᠤᠨ 86.6 ᠬᠤᠪᠢ  ᠶᠢ ᠡᠵᠡᠯᠡᠬᠦ ᠪᠣᠯᠤᠭᠰᠠᠨ ᠪᠣᠷᠵᠢᠭᠢᠨ ᠣᠪᠣᠭᠲᠠᠨ ᠪᠣᠯᠤᠭᠰᠠᠨ ᠵᠡᠷᠭᠡ ᠨᠢ ᠴᠢᠰᠤ ᠣᠶᠢᠷᠠᠲᠤᠯᠲᠠ ᠠᠴᠠ ᠬᠠᠮᠠᠭᠠᠯᠠᠬᠤ ᠪᠤᠰᠤ ᠬᠠᠷᠢᠨ ᠴᠤ ᠤᠯᠠᠮ ᠪᠤᠳᠤᠯᠢᠬᠤ ᠪᠤᠷᠤᠭᠤ ᠠᠷᠭ᠎ᠠ ᠪᠠᠷᠢᠯ ᠪᠣᠯᠵᠤ ᠬᠤᠪᠢᠷᠠᠵᠠᠢ᠃

ᠰᠡᠳᠬᠢᠭᠳᠡᠯ ᠦᠯᠡᠳᠡᠭᠡᠬᠦ