ᠠᠷᠢᠭᠤᠨᠵᠢᠷᠭᠠᠯ ᠣᠷᠣᠰ ᠲᠤ ᠭᠤᠷᠪᠠᠳᠤᠭᠠᠷ ᠪᠠᠶᠢᠷᠢ ᠡᠵᠡᠯᠡᠵᠡᠢ | News.MN

ᠠᠷᠢᠭᠤᠨᠵᠢᠷᠭᠠᠯ ᠣᠷᠣᠰ ᠲᠤ ᠭᠤᠷᠪᠠᠳᠤᠭᠠᠷ ᠪᠠᠶᠢᠷᠢ ᠡᠵᠡᠯᠡᠵᠡᠢ

ᠮᠣᠩᠭᠣᠯ HD ᠲᠸᠯᠸᠢᠰ ᠦᠨ ᠪᠦᠲᠦᠭᠡᠯ The Voice of Mongolia-2018 ᠲᠡᠮᠡᠴᠡᠭᠡᠨ ᠳᠦ ᠣᠷᠣᠯᠴᠠᠵᠤ ᠣᠯᠠᠨ ᠤ ᠲᠠᠨᠢᠯ ᠪᠣᠯᠤᠭᠠᠳ ᠪᠤᠢ ᠵ∙ᠠᠷᠢᠭᠤᠨᠵᠢᠷᠭᠠᠯ ᠣᠷᠣᠰ ᠦᠨ ᠬᠣᠯᠪᠣᠭᠠᠨ ᠤ ᠤᠯᠤᠰ ᠤᠨ ᠤᠯᠠᠭᠠᠨ-ᠦᠳᠡ ᠬᠤᠲᠠ ᠳᠤ ᠪᠣᠯᠤᠭᠰᠠᠨ ᠲᠡᠮᠡᠴᠡᠭᠡᠨ ᠳᠦ ᠣᠷᠣᠯᠴᠠᠵᠤ᠂ ᠭᠤᠷᠪᠠᠳᠤᠭᠠᠷ ᠪᠠᠶᠢᠷᠢ ᠳᠤ ᠰᠢᠯᠭᠠᠷᠠᠭᠰᠠᠨ ᠮᠡᠳᠡᠭᠡ ᠪᠠᠶᠢᠨ᠎ᠠ᠃ ᠲᠣᠳᠣᠷᠠᠭᠤᠯᠪᠠᠯ᠂ ᠲᠡᠷᠡ ᠪᠡᠷ ᠣᠯᠠᠨ ᠤᠯᠤᠰ ᠤᠨ ᠰᠲᠷᠠᠳ᠋ ᠤᠨ ᠳᠠᠭᠤᠴᠢᠳ ᠤᠨ ︽ᠪᠸᠯᠢ ᠮᠧᠰᠢᠶᠠᠼ︾ ᠤᠷᠤᠯᠳᠤᠭᠠᠨ ᠳᠤ ᠣᠷᠣᠯᠴᠠᠭᠰᠠᠨ ᠪᠥᠭᠡᠳ ᠲᠤᠰ ᠲᠡᠮᠡᠴᠡᠭᠡᠨ ᠦ ᠰᠢᠭᠦᠭᠴᠢ ᠪᠡᠷ ᠮᠣᠩᠭᠣᠯ ᠠᠴᠠ ᠤᠷᠠᠯᠢᠭ ᠤᠨ ᠭᠠᠪᠢᠶᠠᠲᠤ ᠵᠢᠳᠬᠦᠯᠲᠡᠨ ᠪ∙ᠳᠣᠯᠭᠢᠶᠠᠨ᠂ ᠤᠯᠤᠰ ᠤᠨ ᠹᠢᠯᠠᠷᠮᠣᠨᠢ ᠶᠢᠨ ᠭᠣᠴᠣᠯᠠᠯ ᠳᠠᠭᠤᠴᠢᠨ ᠨ∙ᠨᠠᠷᠠᠨᠪᠠᠭᠠᠲᠤᠷ ᠨᠠᠷ ᠠᠵᠢᠯᠯᠠᠭᠰᠠᠨ ᠶᠤᠮ ᠃
ᠵ∙ᠠᠷᠢᠭᠤᠨᠵᠢᠷᠭᠠᠯ ᠢ ᠪᠢᠳᠡ ᠮᠣᠩᠭᠣᠯ ᠤᠯᠤᠰ ᠤᠨ ᠠᠷᠠᠳ ᠤᠨ ᠵᠦᠴᠦᠭᠡᠴᠢᠨ᠂ ᠲᠥᠷᠥ ᠶᠢᠨ ᠬᠣᠱᠣᠢ ᠱᠠᠩᠨᠠᠯᠲᠤ᠂ ᠬᠥᠭᠵᠢᠮ ᠦᠨ ᠵᠣᠬᠢᠶᠠᠯᠴᠢ ᠨ∙ᠵᠠᠩᠴᠠᠨᠨᠣᠷᠪᠤ ᠶᠢᠨ ᠥᠬᠢᠨ ᠭᠡᠳᠡᠭ ᠢᠶᠡᠷ ᠨᠢ ᠮᠡᠳᠡᠬᠦ ᠪᠢᠯᠡ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Нэргүй 2019-03-06 103.229.123.213

Улаан Үүд гэдгийг Улаан Үд хэмээн алдаатай бичжээ ҮҮД гэдгийг ЭГҮДЭ гэж бичнэ