ᠳᠡᠯᠡᠬᠡᠢ ᠶᠢᠨ ᠣᠶᠤᠲᠠᠨ ᠤ ᠡᠪᠦᠯ ᠦᠨ ᠰᠫᠣᠷᠲ ᠤᠨ 29 ᠳ᠋ᠡᠬᠢ ᠤᠨᠢᠸ᠋ᠸᠷᠰᠢᠶᠠᠳ ᠨᠠᠭᠠᠳᠤᠮ ᠣᠷᠣᠰ ᠤᠨ ᠺᠷᠠᠰᠨᠤᠶᠠᠷᠢᠰᠺ ᠬᠤᠲᠠ ᠳᠤ ᠦᠷᠭᠦᠯᠵᠢᠯᠡᠵᠦ ᠪᠠᠶᠢᠨ᠎ᠠ᠃ ᠭᠤᠷᠪᠠᠳᠤᠭᠠᠷ ᠰᠠᠷ᠎ᠠ ᠶᠢᠨ 02- 12 ᠍ ᠳᠦ ᠪᠣᠯᠬᠤ ᠨᠠᠭᠠᠳᠤᠮ ᠳᠤ ᠰᠫᠣᠷᠲ ᠤᠨ 11 ᠲᠥᠷᠥᠯ ᠢᠶᠡᠷ 60 ᠤᠷᠤᠨ ᠤ 3500 ᠭᠠᠷᠤᠢ ᠲᠠᠮᠢᠷᠴᠢᠨ ᠥᠷᠢᠰᠦᠯᠳᠦᠨ᠎ᠡ᠃ ᠮᠣᠩᠭᠣᠯ ᠤᠯᠤᠰ ᠠᠴᠠ ᠡᠨᠡ ᠵᠢᠯ 16 ᠲᠠᠮᠢᠷᠴᠢᠨ᠂ ᠵᠢᠷᠭᠤᠭᠠᠨ ᠳᠠᠰᠬᠠᠯᠵᠢᠭᠤᠯᠤᠭᠴᠢ᠂ ᠪᠠᠭ ᠤᠨ 4 ᠠᠯᠪᠠᠨ ᠤ ᠬᠦᠮᠦᠨ᠂ ᠨᠡᠶᠢᠲᠡ 26 ᠬᠦᠮᠦᠨ ᠦ ᠪᠦᠷᠢᠯᠳᠦᠬᠦᠨ ᠲᠡᠢ ᠪᠠᠭ ᠤᠭ ᠨᠠᠭᠠᠳᠤᠮ ᠢ ᠵᠣᠷᠢᠭᠠᠳ ᠪᠠᠶᠢᠭ᠎ᠠ ᠶᠤᠮ᠃
ᠮᠣᠩᠭᠣᠯ ᠤᠨ ᠪᠠᠭ ᠲᠠᠮᠢᠷᠴᠢᠳ ᠲᠡᠮᠡᠴᠡᠭᠡᠨ ᠢᠶᠡᠨ ᠭᠦᠶᠦᠯᠲᠡ ᠶᠢᠨ ᠴᠠᠨ᠎ᠠ ᠶᠢᠨ ᠲᠥᠷᠥᠯ ᠢᠶᠡᠷ ᠡᠬᠢᠯᠡᠭᠦᠯᠦᠯ᠎ᠡ᠃ ᠨᠡᠶᠢᠲᠡ 80 ᠭᠠᠷᠤᠢ ᠲᠠᠮᠢᠷᠴᠢᠨ ᠣᠷᠣᠯᠴᠠᠭᠰᠠᠨ ᠰᠫᠣᠷᠲ ᠤᠨ ᠡᠨᠡ ᠲᠥᠷᠥᠯ ᠳᠦ ᠮᠠᠨ ᠤ ᠤᠯᠤᠰ ᠠᠴᠠ ᠡᠷᠡᠭᠲᠡᠢ ᠡᠮᠡᠭᠲᠡᠢ 6 ᠲᠠᠮᠢᠷᠴᠢᠨ ᠬᠤᠷᠳᠤ᠂ ᠠᠪᠬᠠᠯᠵᠢ ᠰᠠᠮᠪᠠᠭ᠎ᠠ ᠪᠠᠨ ᠰᠣᠷᠢᠵᠤ ᠪᠠᠶᠢᠨ᠎ᠠ᠃ ᠭᠦᠶᠦᠯᠲᠡ ᠶᠢᠨ ᠴᠠᠨ᠎ᠠ ᠶᠢᠨ ᠲᠥᠷᠥᠯ ᠳᠦ ᠡᠮᠡᠭᠲᠡᠶᠢᠴᠦᠳ ᠦᠨ ᠠᠩᠭᠢᠯᠠᠯ ᠳᠤ ᠠ᠊ ∙ᠡᠩᠬᠡᠲᠤᠤᠯᠠ᠂ ᠳ∙ᠣᠶᠤᠨᠴᠢᠮᠡᠭ᠂ ᠡ᠊∙ᠠᠷᠢᠭᠤᠨᠲᠤᠩᠭᠠᠯᠠᠭ ᠨᠠᠷ 5000 ᠮᠧᠲ᠋ᠷ ᠦᠨ ᠵᠠᠢ ᠳᠤ ᠤᠷᠤᠯᠳᠤᠭᠰᠠᠨ ᠢᠶᠠᠷ ᠲᠡᠮᠡᠴᠡᠭᠡᠨ ᠦ ᠭᠠᠷᠤᠭ᠎ᠠ ᠪᠠᠨ ᠡᠬᠢᠯᠡᠭᠦᠯᠵᠡᠢ᠃ ᠲᠠᠮᠢᠷᠴᠢᠨ ᠡ᠊∙ᠠᠷᠢᠭᠤᠨᠲᠤᠩᠭᠠᠯᠠᠭ 17 ᠮᠢᠨᠦ᠋ᠲ 44 ᠰᠸᠺᠦ᠋ᠨᠳ᠋ ᠍ ᠢᠶᠡᠷ 46 ᠳ᠋ᠤᠭᠠᠷ ᠪᠠᠶᠢᠷᠢ᠂ ᠡᠩᠬᠡᠲᠤᠤᠯᠠ 18 ᠮᠢᠨᠦ᠋ᠲ 19 ᠰᠸᠺᠦ᠋ᠨᠳ᠋ ᠍᠍ ᠢᠶᠡᠷ 52 ᠳ᠋ᠤᠭᠠᠷ ᠪᠠᠶᠢᠷᠢ ᠳᠤ ᠣᠷᠣᠵᠠᠢ᠃ ᠡᠷᠡᠭᠲᠡᠶᠢᠴᠦᠳ ᠦᠨ ᠠᠩᠭᠢᠯᠠᠯ ᠳᠤ 10 ᠺᠢᠯᠣᠮᠧᠲ᠋ᠷ ᠵᠠᠢ ᠳᠤ 86 ᠲᠠᠮᠢᠷᠴᠢᠨ ᠥᠷᠢᠰᠦᠯᠳᠦᠭᠰᠡᠨ ᠡᠴᠡ ᠰ∙ᠳᠦᠭᠦᠷᠡᠩᠪᠠᠶᠠᠷ 32 ᠮᠢᠨᠦ᠋ᠲ 37 ᠰᠸᠺᠦ᠋ᠨᠳ᠋ ᠍᠍ ᠍ ᠢᠶᠡᠷ 80 ᠳ᠋ᠤᠭᠠᠷ ᠪᠠᠶᠢᠷᠢ᠂ ᠪ∙ᠠᠴᠢᠪᠠᠳᠠᠷᠠᠬᠤ 29 ᠮᠢᠨᠦ᠋ᠲ 38 ᠰᠸᠺᠦ᠋ᠨᠳ᠋ ᠍᠍᠍ ᠢᠶᠡᠷ 51 ᠳ᠋ᠤᠭᠡᠷ ᠪᠠᠶᠢᠷᠢ᠂ ᠪ∙ᠮᠥᠩᠬᠡᠭᠡᠷᠡᠯ 34 ᠮᠢᠨᠦ᠋ᠲ 23 ᠰᠸᠺᠦ᠋ᠨᠳ᠋ ᠍᠍ ᠍ ᠢᠶᠡᠷ 84 ᠳ᠋ᠤᠭᠡᠷ ᠪᠠᠶᠢᠷᠢᠨ ᠳᠤ ᠲᠤᠰ ᠲᠤᠰ ᠣᠷᠣᠭᠠᠳ ᠪᠠᠶᠢᠨ᠎ᠠ᠃