︽ᠴᠢᠩᠭᠢᠰ ᠬᠠᠭᠠᠨ ᠤ ᠴᠠᠭᠠᠨ ᠡᠭᠦᠯᠡ︾ ᠶᠢ ᠲᠤᠭᠯᠠᠯ᠎ᠠ | News.MN

︽ᠴᠢᠩᠭᠢᠰ ᠬᠠᠭᠠᠨ ᠤ ᠴᠠᠭᠠᠨ ᠡᠭᠦᠯᠡ︾ ᠶᠢ ᠲᠤᠭᠯᠠᠯ᠎ᠠ

ᠴᠢᠩᠭᠢᠽ ᠠᠶᠢᠲᠮᠠᠲ᠋ᠤᠪ ᠤᠨ ᠥᠭᠦᠯᠡᠯᠭᠡ᠂ ᠶᠸᠯᠢᠨᠠ ᠪᠠᠷᠠᠨᠴᠢᠺᠣᠸ᠎ᠠ ᠶᠢᠨ ᠵᠦᠴᠦᠭᠡ ᠶᠢᠨ ᠵᠣᠬᠢᠶᠠᠯ ᠢᠶᠠᠷ ᠨᠠᠶᠢᠷᠠᠭᠤᠯᠤᠭᠰᠠᠨ ︽ᠴᠢᠩᠭᠢᠰ ᠬᠠᠭᠠᠨ ᠤ ᠴᠠᠭᠠᠨ ᠡᠭᠦᠯᠡ︾ ᠵᠦᠴᠦᠭᠡ ᠶᠢᠨ ᠨᠡᠭᠡᠭᠡᠯᠲᠡ ᠶᠢᠨ ᠲᠣᠭᠯᠠᠯᠲᠠ ᠣᠷᠣᠰ  ᠤᠨ ᠨᠢᠭᠡᠨ ᠳ᠋ᠷᠠᠮ ᠤᠨ ᠲᠢᠶᠠᠲ᠋ᠷ ᠤᠨ ᠲᠠᠶᠢᠰᠠᠨ᠎ᠠ 2019 ᠣᠨ ᠤ 02 ᠳ᠋ᠤᠭᠠᠷ ᠰᠠᠷ᠎ᠠ ᠶᠢᠨ 21  ᠦ ᠡᠳᠦᠷ ᠪᠣᠯᠪᠠ᠃  ᠬᠦᠴᠦ ᠴᠢᠳᠠᠯ᠂ ᠬᠠᠶᠢᠷ᠎ᠠ ᠳᠤᠷᠠᠯᠠᠯ᠂ ᠨᠥᠬᠥᠷᠯᠡᠯ᠂ ᠴᠢᠩᠳᠠ ᠰᠠᠬᠢᠯᠭ᠎ᠠ ᠪᠠᠲᠤ᠂ ᠳᠢᠭ ᠵᠢᠷᠤᠮ ᠤᠨ ᠲᠤᠬᠠᠢ ᠦᠭᠦᠯᠡᠭᠰᠡᠨ ᠡᠨᠡᠬᠦ ᠵᠦᠴᠦᠭᠡ ᠶᠢᠨ ᠴᠢᠩᠭᠢᠰ ᠬᠠᠭᠠᠨ ᠤ ᠳᠦᠷᠢ ᠶᠢ ᠣᠷᠣᠰ  ᠤᠨ ᠠᠷᠠᠳ ᠤᠨ ᠵᠦᠴᠦᠭᠡᠴᠢᠨ ᠬᠤᠷᠠᠮ ᠳᠤᠯᠠᠯ ᠬᠤᠷᠮᠠᠲ᠋ᠤᠯᠯᠠ ᠤᠲᠶᠠᠱᠸᠪ ᠂ ᠪᠥᠷᠲᠡ ᠬᠠᠲᠤᠨ ᠤ ᠳᠦᠷᠢ ᠶᠢ ᠣᠷᠣᠰ ᠤᠨ ᠭᠠᠪᠢᠶᠠᠲᠤ ᠵᠦᠴᠦᠭᠡᠴᠢᠨ ᠡᠯᠢᠸᠢᠷᠠ ᠶᠤᠨᠤᠰᠤᠸᠠ ᠪᠦᠲᠦᠭᠡᠵᠡᠢ᠃
ᠵᠦᠴᠦᠭᠡ ᠶᠢᠨ ᠨᠡᠭᠡᠭᠡᠯᠲᠡ ᠳᠦ ᠮᠣᠩᠭᠣᠯ ᠤᠯᠤᠰ ᠠᠴᠠ ᠣᠷᠣᠰ ᠬᠣᠯᠪᠣᠭᠠᠨ ᠤ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠪ∙ᠳᠡᠯᠭᠡᠷᠮ᠎ᠠ ᠶᠢ ᠵᠣᠬᠢᠶᠠᠯᠴᠢ ᠪᠣᠯᠤᠨ ᠲᠢᠶᠠᠲ᠋ᠷ ᠤᠨ ᠤᠳᠤᠷᠢᠳᠤᠯᠭ᠎ᠠ ᠠᠴᠠ ᠤᠷᠢᠭᠰᠠᠨ ᠪᠥᠭᠡᠳ ᠲᠡᠭᠦᠨ ᠢ ᠲᠥᠯᠦᠭᠡᠯᠡᠵᠦ᠂ ᠲᠤᠰ ᠶᠠᠮᠤᠨ ᠤ ᠨᠢᠭᠡᠳᠦᠭᠡᠷ ᠨᠠᠷᠢᠨ ᠪᠢᠴᠢᠭ ᠦᠨ ᠳᠠᠷᠤᠭ᠎ᠠ ᠵ∙ᠪᠠᠶᠠᠷᠬᠦᠦ ᠤᠷᠤᠯᠴᠠᠪᠠ᠃

ᠰᠡᠳᠬᠢᠭᠳᠡᠯ ᠦᠯᠡᠳᠡᠭᠡᠬᠦ