ᠴᠣᠬᠣᠷ ᠢᠷᠪᠢᠰ ᠬᠣᠲᠠ ᠲᠠᠢ ᠮᠠᠯ ᠤᠷᠤᠭᠤ ᠳᠠᠭᠠᠷᠢᠵᠠᠢ | News.MN

ᠴᠣᠬᠣᠷ ᠢᠷᠪᠢᠰ ᠬᠣᠲᠠ ᠲᠠᠢ ᠮᠠᠯ ᠤᠷᠤᠭᠤ ᠳᠠᠭᠠᠷᠢᠵᠠᠢ

ᠪᠠᠶᠠᠨ-ᠥᠯᠥᠭᠡᠢ ᠠᠶᠢᠮᠠᠭ ᠤᠨ ᠨᠣᠭᠣᠭᠠᠨᠨᠠᠭᠤᠷ ᠰᠤᠮᠤ ᠶᠢᠨ  ᠠᠰᠭᠠᠨᠲ ᠪᠠᠭ ᠤᠨ ᠢᠷᠭᠡᠨ ᠱ∙ᠪᠤᠯᠠᠲᠪᠸᠺ ᠦᠨ ᠬᠣᠲᠠ ᠲᠠᠢ ᠮᠠᠯ ᠤᠷᠤᠭᠤ ᠨᠢ ᠢᠷᠪᠢᠰ ᠳᠠᠭᠠᠷᠢᠭᠰᠠᠨ ᠬᠡᠷᠡᠭ ᠥᠩᠭᠡᠷᠡᠭᠴᠢ ᠰᠠᠷ᠎ᠠ ᠶᠢᠨ 27 ᠍ ᠤ 00᠄13 ᠴᠠᠭ ᠲᠤ ᠪᠣᠯᠤᠭᠰᠠᠨ ᠪᠥᠭᠡᠳ ᠲᠤᠬᠠᠢ ᠶᠢᠨ ᠠᠶᠢᠯ ᠤᠨ 10 ᠢᠮᠠᠭ᠎ᠠ ᠶᠢ ᠢᠳᠡᠵᠦ᠂ ᠬᠣᠶᠠᠷ ᠬᠣᠨᠢ᠂ ᠬᠣᠶᠠᠷ ᠢᠮᠠᠭ᠎ᠠ ᠶᠢ ᠰᠢᠷᠬᠠᠲᠤᠭᠤᠯᠵᠠᠢ᠃ ᠢᠷᠭᠡᠨ ᠦ ᠮᠡᠳᠡᠭᠡᠯᠡᠯ ᠦᠨ ᠳᠠᠭᠠᠤ ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠬᠥᠳᠡᠯᠮᠦᠷᠢ ᠬᠠᠮᠠᠭᠠᠯᠠᠯ ᠠᠶᠤᠯ ᠦᠭᠡᠢ ᠠᠵᠢᠯᠯᠠᠭ᠎ᠠ ᠲᠧᠭᠨᠢᠭ ᠬᠡᠷᠡᠭᠰᠡᠯ ᠬᠠᠷᠢᠭᠤᠴᠠᠭᠰᠠᠨ ᠮᠡᠷᠭᠡᠵᠢᠯᠲᠡᠨ᠂ ᠠᠬᠠᠮᠠᠳ ᠲ∙ᠥᠨᠧᠷᠪᠧᠺ ᠢᠶᠡᠷ ᠠᠬᠠᠯᠠᠭᠤᠯᠤᠭᠰᠠᠨ ᠲᠠᠪᠤᠨ ᠠᠯᠪᠠ ᠬᠠᠭᠠᠭᠴᠢ᠂ ᠲᠧᠭᠨᠢᠭ ᠲᠡᠢ ᠭᠠᠵᠠᠷ ᠳᠡᠭᠡᠷ᠎ᠡ ᠨᠢ ᠣᠴᠢᠨ ᠵᠣᠬᠢᠬᠤ ᠠᠷᠭ᠎ᠠ ᠬᠡᠮᠵᠢᠶ᠎ᠡ ᠠᠪᠴᠤ᠂ ᠢᠷᠪᠢᠰ ᠢ ᠠᠶᠤᠯ ᠦᠭᠡᠢ ᠵᠠᠢ ᠳᠤ ᠭᠠᠷᠭᠠᠵᠠᠢ᠃

ᠰᠡᠳᠬᠢᠭᠳᠡᠯ ᠦᠯᠡᠳᠡᠭᠡᠬᠦ