ᠰᠡᠯᠡᠩᠭᠡ ᠠᠶᠢᠮᠠᠭ ᠤᠨ ᠮᠠᠨᠳᠤᠯ ᠰᠤᠮᠤᠨ ᠳᠤ ︽ᠮᠠᠨᠳᠤᠯ ᠪᠠᠭ᠎ᠠ ᠯᠢᠭ-2019︾ ᠰᠠᠭᠰᠤᠨ ᠪᠥᠮᠪᠥᠭᠡ ᠶᠢᠨ ᠲᠡᠮᠡᠴᠡᠭᠡᠨ ᠡᠨᠡ ᠣᠨ ᠤ 1 ᠳ᠋ᠤᠭᠡᠷ ᠰᠠᠷ᠎ᠠ ᠠᠴᠠ ᠡᠬᠢᠯᠡᠨ ᠵᠣᠬᠢᠶᠠᠨ ᠪᠠᠶᠢᠭᠤᠯᠤᠭᠳᠠᠵᠤ᠂ ᠡᠨᠡ ᠰᠠᠷ᠎ᠠ ᠶᠢᠨ 27 ᠍ ᠤ ᠡᠳᠦᠷ ᠠᠮᠵᠢᠯᠲᠠ ᠲᠠᠢ ᠥᠨᠳᠥᠷᠯᠡᠯ᠎ᠡ᠃ ᠢᠩᠭᠢᠭᠡᠳ 51 ᠬᠣᠨᠣᠭ ᠤᠨ ᠲᠤᠷᠰᠢᠳᠠ ᠦᠷᠭᠦᠯᠵᠢᠯᠡᠵᠦ ᠢᠯᠠᠭᠴᠢ ᠪᠠᠷ ︽ᠮᠠᠨᠳᠤᠯ ᠯᠢᠭ︾ ᠲᠡᠮᠡᠴᠡᠭᠡᠨ ᠦ 2016᠂ 2017 ᠣᠨ ᠤ ᠬᠣᠱᠣᠢ ᠠᠪᠤᠷᠭᠤ᠂ ᠵᠡᠭᠦᠨ ᠬᠠᠷᠠᠭ᠎ᠠ ᠴᠡᠷᠢᠭᠵᠢᠭᠦᠯᠦᠭᠰᠡᠨ ᠬᠠᠮᠠᠭᠠᠯᠠᠬᠤ ᠠᠩᠬᠢ ᠶᠢᠨ ︽ᠭᠠᠯ ᠤᠨ ᠪᠤᠷᠬᠠᠳ ᠤᠳ︾ ᠪᠠᠭ ᠲᠣᠳᠣᠷᠠᠵᠤ ᠠᠪᠤᠷᠭᠤ ᠶᠢᠨ ᠠᠯᠲᠠᠨ ᠮᠧᠳᠠᠯ ᠬᠦᠷᠲᠡᠭᠰᠡᠨ ᠪᠠᠶᠢᠨ᠎ᠠ᠃ ᠲᠡᠮᠡᠴᠡᠭᠡᠨ ᠦ ᠤᠳᠠᠭᠠᠬᠢ ᠪᠠᠶᠢᠷᠢ ᠨᠤᠭᠤᠳ ᠲᠤ ᠲᠡᠮᠦᠷ ᠵᠠᠮ ᠤᠨ ᠥᠷᠲᠡᠭᠡᠨ ᠦ ︽ᠬᠦᠳᠡᠯᠭᠡᠭᠡᠨᠴᠢᠳ︾ ᠪᠠᠭ᠂ ᠰᠤᠮᠤ ᠳᠤᠮᠳᠠ ᠶᠢᠨ ᠣᠨᠴᠠᠭᠠᠢ ᠪᠠᠶᠢᠳᠠᠯ ᠤᠨ ᠬᠡᠯᠲᠡᠰ ᠦᠨ ︽ᠠᠪᠤᠷᠠᠭᠴᠢ︾ ᠪᠠᠭ ᠤᠳ ᠲᠤᠰ ᠲᠤᠰ ᠰᠢᠯᠭᠠᠷᠠᠵᠤ ᠂ ᠮᠥᠩᠭᠥ᠂ ᠬᠦᠷᠡᠯ ᠮᠧᠳᠠᠯ ᠤᠨ ᠡᠵᠡᠳ ᠪᠣᠯᠤᠭᠰᠠᠨ ᠪᠠᠶᠢᠨ᠎ᠠ᠃ ᠡᠨᠡᠬᠦ ᠲᠡᠮᠡᠴᠡᠭᠡᠨ ᠢ ᠵᠡᠭᠦᠨ ᠬᠠᠷᠠᠭ᠎ᠠ ᠬᠠᠭᠠᠨ ᠪᠠᠩᠬᠢ ᠠᠴᠠ ᠰᠠᠨᠠᠭᠠᠴᠢᠯᠠᠨ ᠮᠠᠨᠳᠤᠯ ᠰᠤᠮᠤ ᠶᠢᠨ ᠰᠫᠣᠷᠲ ᠤᠨ ᠣᠷᠳᠣᠨ ᠲᠠᠢ ᠬᠠᠮᠲᠤᠷᠠᠨ ᠲᠠᠪᠤᠳᠠᠬᠢ ᠵᠢᠯ ᠳᠦ ᠪᠡᠨ ᠠᠮᠵᠢᠯᠲᠠ ᠲᠠᠢ ᠵᠣᠬᠢᠶᠠᠨ ᠪᠠᠶᠢᠭᠤᠯᠵᠠᠢ᠃