ᠠᠬᠠᠮᠠᠳ ᠤᠳ ᠤᠨ ᠱᠠᠰᠢᠨ ᠤᠷᠠᠯᠢᠭ ᠤᠨ ᠴᠡᠩᠭᠡᠭᠦᠨ ᠪᠣᠯᠤᠯ᠎ᠠ | News.MN

ᠠᠬᠠᠮᠠᠳ ᠤᠳ ᠤᠨ ᠱᠠᠰᠢᠨ ᠤᠷᠠᠯᠢᠭ ᠤᠨ ᠴᠡᠩᠭᠡᠭᠦᠨ ᠪᠣᠯᠤᠯ᠎ᠠ

ᠠᠷᠠᠳ ᠤᠨ ᠬᠤᠪᠢᠰᠬᠠᠯ ᠤᠨ ᠥᠯᠥᠭᠡᠢ ᠨᠤᠲᠤᠭ ᠠᠯᠲᠠᠨᠪᠤᠯᠠᠭ ᠰᠤᠮᠤ ᠶᠢᠨ ᠠᠬᠠᠮᠠᠳ ᠤᠨ ᠬᠣᠷᠢᠶᠠᠨ ᠤ ᠳᠠᠷᠤᠭ᠎ᠠ᠂ ᠠᠬᠠᠮᠠᠳ ᠬᠢᠯᠢᠴᠢᠨ ᠫ ∙ ᠪᠤᠶᠠᠨ-ᠡᠷᠳᠡᠨᠢ  ᠵᠢᠯ ᠪᠦᠷᠢ ᠨᠣᠮ ᠤᠨ ᠪᠤᠶᠠᠨ ᠢ ᠠᠷᠠᠳ ᠲᠦᠮᠡᠨ ᠳᠦ ᠪᠡᠨ ᠲᠦᠭᠡᠭᠡᠵᠦ᠂ ᠬᠦᠭᠰᠢᠳ ᠡᠪᠦᠭᠡᠳ ᠦᠨ ᠢᠶᠡᠨ ᠤᠯᠠᠮᠵᠢᠯᠠᠯᠲᠤ ᠶᠣᠰᠣ ᠵᠠᠩᠰᠢᠯ ᠢ ᠵᠠᠯᠠᠭᠤᠰ ᠲᠤ ᠪᠠᠨ ᠥᠪᠯᠡᠭᠦᠯᠬᠦ ᠵᠣᠷᠢᠯᠭ᠎ᠠ ᠪᠠᠷ ᠱᠠᠰᠢᠨ ᠤᠷᠠᠯᠢᠭ ᠤᠨ ᠴᠡᠩᠭᠡᠭᠦᠨ ᠢ ᠤᠯᠠᠮᠵᠢᠯᠠᠯ ᠪᠣᠯᠭᠠᠨ ᠶᠠᠪᠤᠭᠤᠯᠤᠭᠰᠠᠭᠠᠷ ᠢᠷᠡᠭᠰᠡᠨ ᠪᠠᠶᠢᠨ᠎ᠠ᠃ ᠡᠨᠡ ᠤᠳᠠᠭ᠎ᠠ 17  ᠵᠢᠷᠠᠨ ᠤ ᠰᠢᠷᠤᠢ ᠶᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ 15 ᠍ ᠤ ᠪᠢᠯᠢᠭᠲᠦ ᠰᠠᠶᠢᠨ ᠡᠳᠦᠷ ᠡᠨᠡᠬᠦ ᠠᠷᠭ᠎ᠠ ᠬᠡᠮᠵᠢᠶ᠎ᠡ ᠪᠡᠨ ᠶᠠᠪᠤᠭᠤᠯᠵᠠᠢ᠃ ᠲᠤᠰ ᠠᠷᠭ᠎ᠠ ᠬᠡᠮᠵᠢᠶᠡᠨ ᠦ ᠦᠶ᠎ᠡ ᠪᠡᠷ ᠥᠩᠭᠡᠷᠡᠭᠰᠡᠨ ᠨᠣᠬᠠᠢ ᠵᠢᠯ ᠳᠦ ᠰᠢᠯᠢᠳᠡᠭ ᠲᠠᠷᠢᠶᠠᠯᠠᠩᠴᠢ ᠪᠠᠷ  ᠰᠢᠯᠭᠠᠷᠠᠵᠤ ︽ᠠᠯᠲᠠᠨ  ᠭᠡᠷᠡᠭᠡ ︾ ᠍ ᠪᠡᠷ ᠱᠠᠩᠨᠠᠭᠤᠯᠤᠭᠰᠠᠨ ᠪ∙ᠪᠠᠶᠠᠨᠪᠢᠯᠢᠭ᠌ ᠭᠤᠸᠠᠢ ᠠᠵᠠ ᠶᠢᠨ ᠰᠤᠭᠤᠯᠤᠭᠠᠨ ᠳᠤ ᠰᠦᠫᠸᠷ ᠲᠣᠬᠢᠷᠠᠯ ᠬᠣᠵᠢᠵᠤ᠂ ᠮᠥᠨ ᠭᠣᠶᠣ ᠳᠡᠪᠡᠯ ᠲᠡᠢ ᠬᠣᠣᠰ ᠦᠵᠡᠭᠦᠯᠪᠦᠷᠢ ᠳᠦ ᠰᠢᠯᠭᠠᠷᠠᠵᠤ ᠂ ᠪᠤᠰᠤᠳ ᠢ ᠪᠠᠨ ᠬᠥᠭᠵᠢᠭᠡᠭᠰᠡᠨ  ᠠᠵᠠᠢ᠃ ᠡᠨᠡᠬᠦ ᠦᠢᠯᠡ ᠶᠠᠪᠤᠳᠠᠯ ᠨᠢ ᠲᠡᠭᠦᠨ ᠢ ᠠᠬᠠᠮᠠᠳ ᠤᠳ ᠤᠨ ᠬᠣᠱᠣᠩᠨᠠᠯ ᠳᠤ ᠬᠦᠷᠭᠡᠵᠦ᠂ ᠱᠠᠰᠢᠨ ᠤᠷᠠᠯᠢᠭ ᠤᠨ ᠴᠡᠩᠭᠡᠭᠦᠨ ᠨᠢ ︽ᠪ∙ᠪᠠᠶᠠᠨᠪᠢᠯᠢᠭ᠌  ᠤᠨ ᠡᠳᠦᠷ︾ ᠪᠣᠯᠤᠭᠰᠠᠨ ᠠᠵᠢ᠃ ᠳᠠᠰᠢᠷᠠᠮ ᠳᠤ ᠬᠡᠯᠡᠬᠦ ᠳᠦ ᠮᠣᠩᠭᠣᠯ ᠤᠯᠤᠰ ᠤᠨ ᠭᠠᠪᠢᠶᠠᠲᠤ  ᠵᠦᠴᠦᠭᠡᠴᠢᠨ ᠪ∙ᠪᠠᠲᠤᠪᠠᠭᠠᠲᠤᠷ ᠤᠨ ᠠᠪᠤ ᠪ∙ᠪᠠᠶᠠᠨᠪᠢᠯᠢᠭ᠌ ᠨᠢ ᠲᠤᠰ ᠰᠤᠮᠤ ᠶᠢᠨ ᠠᠪᠢᠶᠠᠰᠲᠠᠨ ᠠᠬᠠᠮᠠᠳ ᠤᠳ ᠤᠨ ᠨᠢᠭᠡᠨ ᠲᠥᠯᠥᠭᠡᠯᠡᠯ ᠪᠥᠭᠡᠳ ᠰᠤᠮᠤ ᠶᠢᠨ ᠨᠡᠷᠡᠲᠡᠢ ᠳᠠᠭᠤᠴᠢᠳ ᠤᠨ ᠨᠢᠭᠡ  ᠶᠤᠮ ᠃

ᠰᠡᠳᠬᠢᠭᠳᠡᠯ ᠦᠯᠡᠳᠡᠭᠡᠬᠦ