ᠬᠡᠨᠲᠡᠢ ᠠᠶᠢᠮᠠᠭ ᠤᠨ ᠪᠢᠨᠳᠡᠷ ᠰᠤᠮᠤᠨ ᠳᠤ ︽ᠴᠢᠩᠭᠢᠰ ᠬᠠᠭᠠᠨ ᠤ ᠴᠣᠮᠣ︾ ᠡᠪᠦᠯ ᠦᠨ ᠰᠫᠣᠷᠲ ᠤᠨ ᠨᠠᠭᠠᠳᠤᠮ ᠪᠣᠯᠵᠤ ᠳᠡᠯᠭᠡᠷᠬᠠᠨ ᠤ ᠬᠢᠨ ᠣᠳᠣ ᠲᠠᠢ ᠨᠠᠭᠠᠳᠴᠠᠢ᠃ ᠲᠣᠳᠣᠷᠠᠭᠤᠯᠪᠠᠯ᠂ ᠭᠦᠶᠦᠯᠲᠡ ᠶᠢᠨ ᠲᠡᠰᠢᠭᠦᠷ ᠦᠨ ᠲᠥᠷᠥᠯ ᠳᠦ ᠼ∙ᠴᠣᠯᠮᠣᠨ 300 ᠮᠸᠲᠷ ᠦᠨ ᠮᠥᠩᠭᠥᠨ ᠮᠧᠳᠠᠯ᠂ ᠪ∙ᠰᠣᠯᠣᠩᠭᠣᠪᠠᠶᠠᠷ᠂ ᠮ∙ᠰᠠᠷᠠᠨᠫᠤᠩᠰᠤᠭ ᠨᠠᠷ 300 ᠮᠸᠲᠷ ᠦᠨ ᠲᠥᠷᠥᠯ ᠳᠦ ᠬᠦᠷᠡᠯ ᠮᠧᠳᠠᠯ᠂ ᠪ∙ᠤᠶᠤᠨᠪᠢᠯᠢᠭ᠌᠂ ᠠ᠊∙ᠲᠦᠪᠰᠢᠨᠲᠦ᠋ᠷᠤ ᠨᠠᠷ 500 ᠮᠸᠲᠷ ᠦᠨ ᠠᠯᠲᠠᠨ ᠮᠧᠳᠠᠯ᠂ ︽ᠴᠢᠩᠭᠢᠰ ᠬᠠᠭᠠᠨ︾ ᠤ ᠴᠣᠮᠣ᠂ ᠡᠷᠭᠦᠮᠵᠢᠯᠡᠯ᠂ ᠬ∙ᠲᠡᠷᠭᠡᠯ᠂ ᠴ∙ᠭᠠᠩᠲ᠋ᠦ᠋ᠷᠦ ᠨᠠᠷ 500 ᠮᠸᠲᠷ ᠦᠨ ᠮᠥᠩᠭᠥ᠂ ᠬ∙ᠲᠣᠳᠣ᠂ ᠰ∙ᠪᠠᠲᠤᠲᠡᠮᠡᠤᠯᠤᠨ ᠨᠠᠷ 500 ᠮᠸᠲᠷ ᠦᠨ ᠬᠦᠷᠡᠯ ᠮᠧᠳᠠᠯ ᠲᠤᠰ ᠲᠤᠰ ᠬᠦᠷᠲᠡᠵᠡᠢ᠃ ᠮᠥᠨ ᠰ∙ᠭᠠᠩᠴᠡᠴᠡᠭ 500 ᠮᠸᠲᠷ ᠦᠨ ᠲᠥᠷᠥᠯ ᠳᠦ ︽ᠴᠢᠩᠭᠢᠰ ᠬᠠᠭᠠᠨ︾ ᠍ ᠤ ᠴᠣᠮᠣ᠂ ᠠᠯᠲᠠᠨ ᠮᠧᠳᠠᠯ ᠠᠪᠤᠭᠰᠠᠨ ᠪᠠᠶᠢᠨ᠎ᠠ᠃
ᠮᠥᠰᠦᠨ ᠱᠠᠭ᠎ᠠ᠂ ᠮᠥᠰᠦᠨ ᠦ ᠰᠤᠷ ᠤᠨ ᠬᠠᠷᠪᠤᠭ᠎ᠠ᠂ ᠭᠣᠯᠢᠹ᠂ ᠭᠦᠶᠦᠯᠲᠡ ᠶᠢᠨ ᠲᠡᠰᠢᠭᠦᠷ ᠭᠡᠰᠡᠨ ᠳᠥᠷᠪᠡᠨ ᠲᠥᠷᠥᠯ ᠦᠨ ᠲᠡᠮᠡᠴᠡᠭᠡᠨ ᠳᠦ ᠤᠯᠠᠭᠠᠨᠪᠠᠭᠠᠲᠤᠷ ᠬᠣᠲᠠ᠂ ᠬᠥᠪᠰᠥᠭᠥᠯ᠂ ᠪᠤᠯᠠᠭᠠᠨ᠂ ᠬᠡᠨᠲᠡᠢ ᠠᠶᠢᠮᠠᠭ ᠤᠳ ᠤᠨ ᠨᠡᠶᠢᠲᠡ 134 ᠪᠠᠭ ᠲᠠᠮᠢᠷᠴᠢᠨ ᠣᠷᠣᠯᠴᠠᠵᠠᠢ ᠃ ᠬᠡᠨᠲᠡᠢ ᠠᠶᠢᠮᠠᠭ ᠤᠨ ᠪᠢᠨᠳᠡᠷ ᠰᠤᠮᠤ ᠵᠢᠯ ᠪᠦᠷᠢ ᠲᠤᠭᠤᠷᠤᠤ ᠶᠢᠨ ᠪᠠᠶᠠᠷ᠂ ᠨᠠᠷᠠᠰᠤᠨ ᠣᠢ ᠶᠢᠨ ᠬᠦᠷᠢᠶᠡᠯᠡᠩ ᠦᠨ ᠭᠦᠶᠦᠯᠲᠡ᠂ ᠣᠨᠣᠨ ᠭᠣᠣᠯ- ᠮᠢᠨᠦ ᠭᠣᠣᠯ ᠡᠳᠦᠷᠯᠢᠭ᠂ ᠬᠦᠢ ᠶᠢᠨ ᠣᠪᠣᠭᠠᠨ ᠤ ᠲᠠᠬᠢᠯᠭ᠎ᠠ ᠬᠡᠦᠬᠡᠳ ᠦᠨ ᠦᠨᠳᠦᠰᠦᠨ ᠦ ᠨᠠᠭᠠᠳᠤᠮ᠂ ︽ᠴᠢᠩᠭᠢᠰ ᠬᠠᠭᠠᠨ ᠤ ᠴᠣᠮᠣ︾ ᠡᠪᠦᠯ ᠦᠨ ᠰᠫᠣᠷᠲ ᠤᠨ ᠨᠠᠭᠠᠳᠤᠮ ᠤᠳ ᠢ ᠵᠣᠬᠢᠶᠠᠨ ᠪᠠᠶᠢᠭᠤᠯᠳᠠᠭ ᠤᠯᠠᠮᠵᠢᠯᠠᠯ ᠲᠣᠭᠲᠠᠵᠠᠢ᠃