ᠮᠣᠩᠭᠣᠯ ᠺᠣᠮᠫᠠᠨᠢ ᠠᠩᠬ᠎ᠠ ᠤᠳᠠᠭ᠎ᠠ ᠯᠣᠨᠳᠣᠨ ᠤ ᠮᠧᠲ᠋ᠠᠯ ᠪᠢᠷᠵᠢ ᠳᠦ ᠭᠡᠰᠢᠭᠦᠨ ᠢᠶᠡᠷ ᠪᠦᠷᠢᠳᠬᠡᠭᠳᠡᠭᠰᠡᠨ ᠲᠤᠬᠠᠢ ︽ᠠᠴᠢᠲᠤ-ᠶᠡᠬᠡᠲᠦ︾ ᠺᠤᠮᠫᠠᠨᠢ ᠶᠢᠨ ᠵᠠᠬᠢᠷᠭ᠎ᠠ᠂ ᠬᠦᠮᠦᠨ ᠦ ᠨᠥᠭᠡᠴᠡ ᠶᠢᠨ ᠵᠠᠬᠢᠷᠤᠯ ᠼ∙ᠠᠷᠢᠭᠤᠨᠵᠢᠷᠭᠠᠯ ᠲᠠᠢ ᠶᠠᠷᠢᠯᠴᠠᠯ᠎ᠠ᠃
– ︽ᠠᠴᠢᠲᠤ-ᠶᠡᠬᠡᠲᠦ︾ ᠺᠣᠮᠫᠠᠨᠢ ᠶᠢᠨ ᠠᠵᠢᠯ ᠦᠢᠯᠡᠰ ᠬᠢᠷᠢ ᠪᠠᠶᠢᠨ᠎ᠠ ᠪᠤᠢ︖
– ᠪᠠᠶᠠᠷᠯᠠᠯ᠎ᠠ᠃ ᠮᠠᠨ ᠤ ᠺᠣᠮᠫᠠᠨᠢ ᠶᠢᠨ ᠦᠨᠳᠦᠰᠦᠨ ᠦᠢᠯᠡ ᠠᠵᠢᠯᠯᠠᠭ᠎ᠠ ᠪᠣᠯ ᠮᠣᠩᠭᠣᠯ ᠤᠯᠤᠰ ᠤᠨ ᠢᠶᠠᠨ ᠭᠠᠵᠠᠷ ᠤᠨ ᠪᠠᠶᠠᠯᠢᠭ ᠢ ᠰᠣᠷᠴᠢᠯᠠᠯ ᠦᠭᠡᠢ ᠪᠡᠷ ᠪᠦᠷᠢᠨ ᠳᠦᠭᠦᠷᠡᠩ ᠠᠰᠢᠭᠯᠠᠬᠤ᠂ ᠢᠩᠭᠢᠬᠦ ᠳᠦ ᠪᠡᠨ ᠪᠠᠶᠢᠭᠠᠯᠢ ᠤᠷᠴᠢᠨ ᠳᠤ ᠰᠥᠷᠭᠦ ᠨᠥᠯᠥᠭᠡ ᠪᠠᠭ᠎ᠠ ᠲᠠᠢ ᠬᠠᠮᠤᠭ ᠤᠨ ᠰᠡᠭᠦᠯ ᠦᠨ ᠦᠶ᠎ᠡ ᠶᠢᠨ ᠳᠡᠪᠰᠢᠯᠲᠡᠲᠦ ᠲᠧᠭᠨᠣᠯᠣᠭᠢ ᠶᠢ ᠨᠡᠪᠲᠡᠷᠡᠭᠦᠯᠵᠦ ᠣᠷᠣᠨ ᠨᠤᠲᠤᠭ ᠲᠤ ᠠᠵᠢᠯ ᠤᠨ ᠪᠠᠶᠢᠷᠢ ᠪᠤᠢ ᠪᠣᠯᠭᠠᠬᠤ ᠵᠠᠮ ᠢᠶᠠᠷ ᠡᠬᠡ ᠣᠷᠣᠨ ᠤ ᠪᠠᠨ ᠡᠳ᠋ ᠦᠨ ᠵᠠᠰᠠᠭ᠂ ᠦᠢᠯᠡᠳᠪᠦᠷᠢᠯᠡᠯ ᠦᠨ ᠬᠦᠭᠵᠢᠯ ᠳᠦ ᠬᠤᠪᠢ ᠨᠡᠮᠡᠷᠢ ᠪᠡᠨ ᠣᠷᠣᠭᠤᠯᠬᠤ ᠳᠤ ᠣᠷᠣᠰᠢᠳᠠᠭ᠃
ᠺᠣᠮᠫᠠᠨᠢ ᠮᠠᠨᠢ 2007-2010 ᠣᠨ ᠳᠤ ᠬᠢᠭᠰᠡᠨ ᠰᠤᠳᠤᠯᠭᠠᠨ ᠤ ᠦᠷ᠎ᠡ ᠳ᠋ᠦᠩ ᠳᠦ ᠲᠦᠰᠢᠭᠯᠡᠨ᠂ 2010-2014 ᠣᠨ ᠳᠤ ᠣᠷᠬᠣᠨ ᠠᠶᠢᠮᠠᠭ ᠤᠨ ᠪᠣᠷᠣ-ᠥᠨᠳᠥᠷ ᠰᠤᠮᠤᠨ ᠳᠤ ᠡᠸᠦ᠋ᠷᠦᠫᠡ ᠰᠲ᠋ᠠᠨᠳᠠᠷᠲ ᠲᠤ ᠨᠡᠶᠢᠴᠡᠭᠰᠡᠨ ᠭᠢᠳ᠋ᠷᠤ᠋ ᠮᠧᠲ᠋ᠠᠯᠯᠦᠷᠭᠢ ᠶᠢᠨ ᠦᠢᠯᠡᠳᠪᠦᠷᠢ ᠪᠠᠶᠢᠭᠤᠯᠤᠭᠰᠠᠨ ᠶᠤᠮ᠃ 2014 ᠣᠨ ᠳᠤ ᠦᠢᠯᠡ ᠠᠵᠢᠯᠯᠠᠭ᠎ᠠ ᠪᠠᠨ ᠡᠬᠢᠯᠡᠭᠦᠯᠦᠭᠰᠡᠨ ᠡᠴᠡ ᠬᠣᠶᠢᠰᠢ ᠣᠷᠣᠨ ᠨᠤᠲᠤᠭ ᠲᠤ 200 ᠭᠠᠷᠤᠢ ᠰᠢᠭᠤᠳ ᠠᠵᠢᠯ ᠤᠨ ᠪᠠᠶᠢᠷᠢ ᠪᠤᠢ ᠪᠣᠯᠭᠠᠨ ᠠᠵᠢᠯᠯᠠᠵᠤ ᠪᠠᠶᠢᠨ᠎ᠠ᠃
– ᠰᠠᠶ᠋ᠢᠬᠠᠨ ᠲᠠᠨ ᠤ ᠺᠣᠮᠫᠠᠨᠢ ᠯᠣᠨᠳᠣᠨ ᠤ ᠮᠧᠲ᠋ᠠᠯ ᠤᠨ ᠪᠢᠷᠵᠢ ᠳᠦ ᠡᠯᠰᠡᠭᠰᠡᠨ ᠲᠤᠬᠠᠢ ᠮᠡᠳᠡᠭᠡ ᠶᠢ ᠣᠯᠵᠤ ᠬᠠᠷᠠᠯ᠎ᠠ᠃ ᠮᠣᠩᠭᠣᠯ ᠠᠴᠠ ᠠᠩᠬ᠎ᠠ ᠤᠳᠠᠭ᠎ᠠ ᠭᠡᠰᠢᠭᠦᠨ ᠪᠣᠯᠤᠭᠰᠠᠨ ᠶᠤᠮ ᠤᠤ︖
-ᠲᠡᠶᠢᠮᠦ᠃ ᠮᠠᠨ ᠤ ᠺᠣᠮᠫᠠᠨᠢ ᠳᠡᠯᠡᠬᠡᠢ ᠶᠢᠨ ᠬᠠᠮᠤᠭ ᠤᠨ ᠲᠣᠮᠣ ᠮᠧᠲ᠋ᠠᠯ ᠤᠨ ᠪᠢᠷᠵᠢ ᠳᠦ ᠭᠡᠰᠢᠭᠦᠨᠴᠢᠯᠡᠯ ᠢᠶᠡᠨ ᠠᠯᠪᠠᠨ ᠶᠣᠰᠣᠭᠠᠷ ᠪᠠᠲᠤᠯᠠᠭᠠᠵᠢᠭᠤᠯᠤᠯ᠎ᠠ᠃ ᠣᠳᠣ ᠪᠠᠷ ᠮᠣᠩᠭᠣᠯ ᠠᠴᠠ ᠵᠥᠪᠬᠡᠨ ᠮᠠᠨ ᠤ ᠺᠣᠮᠫᠠᠨᠢ ᠭᠡᠰᠢᠭᠦᠨ ᠢᠶᠡᠷ ᠡᠯᠰᠡᠭᠰᠡᠨ ᠪᠠᠶᠢᠭ᠎ᠠ᠃ ᠡᠨᠡ ᠪᠢᠷᠵᠢ ᠳᠦ ᠡᠯᠰᠡᠬᠦ ᠱᠠᠭᠠᠷᠳᠠᠯᠭ᠎ᠠ ᠮᠠᠰᠢ ᠥᠨᠳᠥᠷ ᠶᠤᠮ ᠪᠢᠯᠡ᠃ ᠵᠠᠰᠠᠭᠯᠠᠯ ᠪᠣᠯᠤᠨ ᠤᠳᠤᠷᠢᠳᠤᠯᠭ᠎ᠠ ᠶᠢᠨ ᠰᠠᠶᠢᠨ ᠰᠲ᠋ᠠᠨᠳᠠᠷᠲ ᠲᠤ ᠮᠠᠰᠢ ᠶᠡᠬᠡ ᠠᠩᠬᠠᠷᠳᠠᠭ ᠨᠢ ᠠᠵᠢᠭᠯᠠᠭᠳᠠᠭᠰᠠᠨ᠃ ᠡᠨᠡ ᠪᠢᠷᠵᠢ ᠶᠢᠨ ᠭᠡᠰᠢᠭᠦᠨ ᠪᠣᠯᠤᠭᠰᠠᠨ ᠢᠶᠠᠷ ᠪᠢᠳᠡ Glencore᠂ Rio Tinto᠂ BHP᠂ Vale᠂ Anglo American᠂ CODELCO ᠵᠡᠷᠭᠡ ᠳᠡᠯᠡᠬᠡᠢ ᠶᠢᠨ ᠰᠢᠯᠢᠳᠡᠭ ᠦᠳ ᠡᠴᠡ ᠰᠤᠷᠤᠯᠴᠠᠬᠤ ᠪᠣᠯᠤᠮᠵᠢ ᠢᠯᠡᠭᠦᠦ ᠨᠡᠭᠡᠭᠡᠯᠲᠡ ᠲᠡᠢ ᠪᠣᠯᠵᠤ ᠪᠠᠶᠢᠨ᠎ᠠ᠃ ᠮᠥᠨ ᠳᠡᠯᠡᠬᠡᠢ ᠶᠢᠨ ᠵᠡᠰ ᠦᠨ ᠵᠠᠬ᠎ᠠ ᠵᠡᠭᠡᠯᠢ ᠳᠦ ᠮᠣᠩᠭᠣᠯ ᠤᠨ ᠢᠶᠠᠨ ᠪᠦᠲᠦᠭᠡᠭᠳᠡᠬᠦᠨ ᠢ ᠲᠠᠨᠢᠭᠤᠯᠬᠤ᠂ ᠣᠯᠠᠨ ᠤᠯᠤᠰ ᠲᠤ ᠲᠠᠨᠢᠭᠳᠠᠭᠰᠠᠨ ᠪᠷᠡᠨᠳ᠋ ᠪᠣᠯᠬᠤ ᠡᠬᠢᠯᠡᠯ ᠲᠠᠯᠪᠢᠭᠳᠠᠯ᠎ᠠ᠃