ᠰᠡᠭᠦᠯ ᠦᠨ ᠦᠶ᠎ᠡ ᠳᠦ ᠮᠥᠩᠭᠥᠨ ᠲᠡᠮᠳᠡᠭᠲᠦ ᠪᠣᠯᠤᠨ ᠳ᠋ᠣᠯᠯᠠᠷ ᠢ ᠬᠠᠭᠤᠷᠠᠮᠴᠢ ᠪᠠᠷ ᠬᠢᠵᠦ᠂ ᠭᠦᠢᠯᠭᠡᠭᠡᠨ ᠳᠦ ᠨᠡᠪᠲᠡᠷᠡᠭᠦᠯᠬᠦ ᠲᠣᠬᠢᠶᠠᠯᠳᠤᠯ ᠮᠡᠷ ᠰᠡᠷ ᠭᠠᠷᠤᠭᠠᠳ ᠪᠠᠶᠢᠨ᠎ᠠ᠃ ᠴᠠᠭᠠᠨ ᠰᠠᠷ᠎ᠠ ᠶᠢᠨ ᠡᠮᠦᠨ᠎ᠡ ᠬᠠᠭᠤᠷᠠᠮᠴᠢ 20 ᠮᠢᠩᠭᠠᠲᠤ ᠶᠢᠨ ᠳᠡᠪᠢᠰᠬᠡᠷᠲᠦ ᠶᠢ ᠢᠯᠡᠷᠡᠭᠦᠯᠦᠭᠰᠡᠨ ᠪᠣᠯ ᠥᠴᠥᠭᠡᠳᠦᠷ ᠬᠠᠭᠤᠷᠠᠮᠴᠢ ᠳ᠋ᠣᠯᠯᠠᠷ ᠢᠯᠡᠷᠡᠭᠦᠯᠵᠡᠢ᠃ ᠲᠣᠳᠣᠷᠠᠭᠤᠯᠪᠠᠯ᠂ ᠥᠴᠥᠭᠡᠳᠦᠷ 16᠄30 ᠴᠠᠭ ᠤᠨ ᠣᠷᠴᠢᠮ 19 ᠨᠠᠰᠤᠲᠠᠢ ᠡᠷᠡᠭᠲᠡᠢ YU ᠶᠢᠨ ᠣᠷᠣᠯᠭ᠎ᠠ ᠶᠢᠨ ᠭᠦᠢᠯᠭᠡᠭᠡᠨ ᠡᠴᠡ JE0616…..A ᠳ᠋ᠤᠭᠠᠷ ᠲᠠᠢ ᠬᠠᠭᠤᠷᠠᠮᠴᠢ 100 ᠳ᠋ᠣᠯᠯᠠᠷ ᠨᠢᠭᠡ ᠰᠢᠷᠬᠡᠭ ᠢᠯᠡᠷᠡᠭᠰᠡᠨ ᠢ ᠴᠡᠩᠭᠡᠯᠲᠡᠢ ᠳᠡᠭᠦᠷᠭᠡ ᠶᠢᠨ ᠴᠠᠭᠳᠠᠭ᠎ᠠ ᠶᠢᠨ ᠬᠡᠯᠲᠡᠰ ᠰᠢᠯᠭᠠᠵᠤ ᠡᠬᠢᠯᠡᠵᠡᠢ᠃ ᠲᠡᠶᠢᠮᠦ ᠡᠴᠡ ᠢᠷᠭᠡᠳ ᠢ ᠭᠦᠢᠯᠭᠡᠭᠡ ᠬᠢᠬᠦ ᠳᠦ ᠪᠡᠨ᠂ ᠪᠠᠩᠬᠢᠨ ᠠᠴᠠ ᠮᠥᠩᠭᠥ ᠠᠪᠬᠤ ᠳᠤ ᠪᠠᠨ ᠬᠠᠭᠤᠷᠠᠮᠴᠢ ᠮᠥᠩᠭᠥ ᠡᠰᠡᠬᠦ ᠶᠢ ᠰᠠᠶᠢᠲᠤᠷ ᠨᠢᠭᠲᠠᠯᠠᠵᠤ ᠰᠢᠯᠭᠠᠵᠤ ᠠᠪᠬᠤ ᠶᠢ ᠰᠡᠷᠡᠮᠵᠢᠯᠡᠭᠦᠯᠵᠦ ᠪᠠᠶᠢᠨ᠎ᠠ᠃