ᠥᠪᠦᠷᠬᠠᠩᠭᠠᠢ ᠠᠶᠢᠮᠠᠭ ᠤᠨ ᠴᠠᠭᠳᠠᠭ᠎ᠠ ᠶᠢᠨ ᠭᠠᠵᠠᠷ ᠲᠡᠦᠬᠡᠲᠦ 80 ᠵᠢᠯ ᠦᠨ ᠣᠢ ᠪᠠᠨ ᠤᠭᠲᠤᠵᠤ᠂ ᠤᠷᠠᠯᠢᠭ ᠤᠨ ᠪᠠᠭ᠎ᠠ ᠨᠠᠭᠠᠳᠤᠮ ᠢ ᠥᠩᠭᠡᠷᠡᠭᠴᠢ ᠠᠮᠠᠷᠠᠯᠲᠠ ᠶᠢᠨ ᠡᠳᠦᠷ ᠢᠶᠡᠷ ᠵᠣᠬᠢᠶᠠᠨ ᠪᠠᠶᠢᠭᠤᠯᠤᠯ᠎ᠠ᠃ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ᠂ ᠣᠯᠠᠨ ᠨᠡᠶᠢᠲᠡ ᠴᠠᠭᠳᠠᠭ᠎ᠠ ᠶᠢᠨ ᠬᠠᠮᠲᠤ ᠶᠢᠨ ᠠᠵᠢᠯᠯᠠᠭ᠎ᠠ ᠶᠢ ᠰᠠᠶᠢᠵᠢᠷᠠᠭᠤᠯᠬᠤ ᠠᠵᠢᠯ ᠢ ᠤᠷᠠᠯᠢᠭ ᠢᠶᠠᠷ ᠳᠠᠮᠵᠢᠭᠤᠯᠤᠨ ᠢᠯᠡᠷᠬᠡᠶᠢᠯᠡᠬᠦ ᠵᠣᠷᠢᠯᠭ᠎ᠠ ᠲᠠᠢ ᠲᠤᠰ ᠨᠠᠭᠠᠳᠤᠮ ᠳᠤ ᠠᠶᠢᠮᠠᠭ ᠤᠨ ᠴᠠᠭᠳᠠᠭ᠎ᠠ ᠶᠢᠨ ᠭᠠᠵᠠᠷ᠂ ᠬᠠᠷᠠᠬᠣᠷᠢᠨ ᠰᠤᠮᠤ ᠳ᠋ᠡᠬᠢ ᠰᠤᠮᠤ ᠳᠤᠮᠳᠠ ᠶᠢᠨ ᠴᠠᠭᠳᠠᠭ᠎ᠠ ᠶᠢᠨ ᠬᠡᠯᠲᠡᠰ᠂ ᠬᠤᠵᠢᠷᠲᠤ ᠰᠤᠮᠤ ᠳ᠋ᠡᠬᠢ ᠴᠠᠭᠳᠠᠭ᠎ᠠ ᠶᠢᠨ ᠲᠠᠰᠤᠭ᠂ ᠪᠠᠲᠤ-ᠥᠯᠵᠡᠢ᠂ ᠤᠶᠠᠩᠭ᠎ᠠ ᠰᠤᠮᠤ ᠶᠢᠨ ᠴᠠᠭᠳᠠᠭ᠎ᠠ ᠶᠢᠨ ᠬᠡᠰᠡᠭ᠂ ᠪᠤᠰᠤᠳ ᠬᠡᠰᠡᠭ ᠦᠨ ᠲᠥᠯᠥᠭᠡᠯᠡᠭᠴᠢ᠂ ᠴᠠᠭᠳᠠᠭ᠎ᠠ ᠨᠠᠷ ᠣᠷᠣᠯᠴᠠᠵᠤ᠂ ᠤᠷᠠᠯᠢᠭ ᠤᠨ 8 ᠲᠥᠷᠥᠯ ᠢᠶᠡᠷ ᠠᠪᠢᠶᠠᠰ ᠴᠢᠳᠠᠪᠤᠷᠢ ᠪᠠᠨ ᠰᠤᠷᠢᠯ᠎ᠠ᠃
ᠤᠷᠠᠨ ᠤᠩᠰᠢᠯᠭ᠎ᠠ ᠪᠠᠷ ᠡᠷᠡᠭᠦᠦ ᠶᠢᠨ ᠮᠥᠷᠳᠡᠭᠴᠢ᠂ ᠴᠠᠭᠳᠠᠭ᠎ᠠ ᠶᠢᠨ ᠳᠡᠰᠯᠡᠭᠴᠢ ᠥ᠊∙ᠢᠰᠢᠳᠣᠷᠵᠢ᠂ ᠭᠣᠴᠣᠯᠠᠯ ᠳᠠᠭᠤᠤ ᠪᠠᠷ ᠪᠠᠶᠠᠩᠭᠤᠤᠯ ᠰᠤᠮᠤ ᠶᠢᠨ ᠴᠠᠭᠳᠠᠭ᠎ᠠ᠂ ᠴᠠᠭᠳᠠᠭ᠎ᠠ ᠶᠢᠨ ᠳᠡᠳ᠋ ᠠᠬᠠᠯᠠᠭᠴᠢ ᠨ᠂ᠨᠢᠮᠠᠰᠦ᠋ᠷᠦᠩ᠂ ᠭᠣᠴᠣᠯᠠᠯ ᠪᠦᠵᠢᠭ ᠢᠶᠡᠷ ᠴᠠᠭᠳᠠᠭ᠎ᠠ ᠶᠢᠨ ᠠᠬᠠᠯᠠᠬᠤ ᠳᠡᠰᠯᠡᠭᠴᠢ ᠳ∙ᠯᠾᠬᠠᠪᠠᠰᠦ᠋ᠷᠦᠩ ᠨᠠᠷ ᠲᠤᠰ ᠲᠤᠰ ᠲᠡᠷᠢᠭᠦᠨ ᠪᠠᠶᠢᠷᠢᠨ ᠳᠤ ᠰᠢᠯᠭᠠᠷᠠᠵᠤ ᠂ ᠪᠠᠭ ᠤᠨ ᠳ᠋ᠦᠩ ᠢᠶᠡᠷ ᠤᠶᠠᠩᠭ᠎ᠠ ᠰᠤᠮᠤ ᠶᠢᠨ ᠴᠠᠭᠳᠠᠭ᠎ᠠ ᠶᠢᠨ ᠬᠡᠰᠡᠭ ᠦᠨ ᠳᠠᠷᠤᠭ᠎ᠠ᠂ ᠴᠠᠭᠳᠠᠭ᠎ᠠ ᠶᠢᠨ ᠳᠡᠳ᠋ ᠬᠤᠷᠠᠨᠳᠠ ᠳ∙ᠡᠩᠬᠡᠪᠣᠯᠤᠳ ᠠᠬᠠᠯᠠᠭᠴᠢ ᠲᠠᠢ ︽ᠲᠠᠯ᠎ᠠ ᠶᠢᠨ ᠱᠣᠩᠬᠣᠷ ᠤᠳ︾ ᠪᠠᠭ ᠲᠡᠷᠢᠭᠦᠯᠡᠭᠰᠡᠨ ᠶᠤᠮ᠃