ᠠᠷᠠᠳᠴᠢᠯᠠᠯ ᠪᠤᠢ ᠪᠣᠯᠭᠠᠬᠤ ᠠᠰᠠᠭᠤᠳᠠᠯ ᠢ ᠬᠥᠨᠳᠡᠵᠦ ᠪᠠᠶᠢᠨ᠎ᠠ | News.MN

ᠠᠷᠠᠳᠴᠢᠯᠠᠯ ᠪᠤᠢ ᠪᠣᠯᠭᠠᠬᠤ ᠠᠰᠠᠭᠤᠳᠠᠯ ᠢ ᠬᠥᠨᠳᠡᠵᠦ ᠪᠠᠶᠢᠨ᠎ᠠ

︽ᠤᠯᠠᠭᠠᠨᠪᠠᠭᠠᠲᠤᠷ ᠤᠨ ᠠᠷᠠᠳᠴᠢᠯᠠᠯ ᠤᠨ ᠹᠣᠷᠣᠮ-2019︾ ᠵᠥᠪᠯᠡᠯᠳᠦᠬᠦ ᠠᠭᠤᠯᠵᠠᠯᠲᠠ ᠪᠣᠯᠵᠤ ᠪᠠᠶᠢᠨ᠎ᠠ᠃ ᠡᠩᠬᠡ ᠲᠠᠶᠢᠪᠤᠩ᠂ ᠬᠦᠮᠦᠨ ᠦ ᠡᠷᠬᠡ ᠪᠣᠯᠤᠨ ᠠᠷᠠᠳᠴᠢᠯᠠᠯ ᠢ ᠬᠠᠩᠭᠠᠬᠤ ᠪᠥᠰᠡ ᠶᠢᠨ ᠬᠡᠮᠵᠢᠶᠡᠨ ᠦ ᠵᠥᠪᠯᠡᠯᠳᠦᠬᠦ ᠠᠭᠤᠯᠵᠠᠯᠲᠠ ᠡᠨᠡ ᠤᠳᠠᠭ᠎ᠠ ︽ᠠᠽᠢᠶ᠎ᠠ ᠳ᠋ᠡᠬᠢ ᠡᠩᠬᠡ ᠲᠠᠶᠢᠪᠤᠩᠴᠢ᠂ ᠰᠢᠳᠤᠷᠭᠤ᠂ ᠣᠷᠣᠯᠴᠠᠭᠠᠨ ᠤ ᠨᠡᠶᠢᠭᠡᠮ ᠤᠨ ᠲᠥᠯᠥᠭᠡ︾ ᠰᠡᠳᠦᠪ ᠦᠨ ᠳᠣᠣᠷ᠎ᠠ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠠᠢ ᠬᠠᠮᠲᠤᠷᠠᠨ ᠠᠵᠢᠯᠯᠠᠬᠤ ᠬᠦᠷᠢᠶᠡᠨ ᠳᠦ ᠠᠷᠠᠳᠴᠢᠯᠠᠯ ᠤᠨ ᠬᠠᠮᠲᠤ ᠶᠢᠨ ᠨᠡᠶᠢᠭᠡᠮᠯᠢᠭ ᠦᠨ ᠪᠠᠶᠢᠩᠭᠤ ᠶᠢᠨ ᠨᠠᠷᠢᠨ ᠪᠢᠴᠢᠭ ᠦᠨ ᠳᠠᠷᠤᠭ᠎ᠠ  ︵PSCD︶᠂ ᠠᠽᠢᠶ᠎ᠠ ᠶᠢᠨ ᠠᠷᠠᠳᠴᠢᠯᠠᠯ ᠤᠨ ᠰᠦᠯᠵᠢᠶ᠎ᠡ ︵ADN︶᠂ ᠠᠽᠢᠶ᠎ᠠ ᠶᠢᠨ ᠬᠥᠭᠵᠢᠯ ᠦᠨ ᠬᠣᠯᠪᠣᠭ᠎ᠠ ︵ADA︶ ᠠᠴᠠ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠠ᠃ ᠭᠤᠷᠪᠠᠨ ᠡᠳᠦᠷ ᠬᠤᠷᠠᠯᠳᠤᠬᠤ ᠣᠯᠠᠨ ᠤᠯᠤᠰ ᠤᠨ ᠡᠨᠡᠬᠦ ᠹᠣᠷᠣᠮ ᠳᠤ ᠲᠠᠪᠤᠨ ᠲᠢᠪ ᠦᠨ ᠲᠥᠯᠥᠭᠡᠯᠡᠯ ᠪᠣᠯᠤᠭᠰᠠᠨ 100 ᠭᠠᠷᠤᠢ ᠣᠷᠣᠯᠴᠠᠭᠴᠢ ᠴᠤᠭᠯᠠᠷᠠᠭᠠᠳ ᠪᠠᠶᠢᠨ᠎ᠠ᠃ ᠹᠣᠷᠣᠮ ᠳᠤ ᠮᠣᠩᠭᠣᠯ ᠤᠯᠤᠰ ᠢ ᠲᠥᠯᠦᠭᠡᠯᠡᠵᠦ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ᠂ ᠬᠦᠮᠦᠨ ᠦ ᠡᠷᠬᠡ ᠶᠢᠨ ᠦᠨᠳᠦᠰᠦᠨ ᠦ ᠺᠣᠮᠢᠰ ᠤᠨ ᠳᠠᠷᠤᠭ᠎ᠠ ᠵ∙ᠪᠢᠮᠪᠠᠳᠣᠷᠵᠢ ᠨᠠᠷ ᠤᠷᠤᠯᠴᠠᠪᠠ᠃
ᠡᠨᠡ ᠤᠳᠠᠭ᠎ᠠ ᠶᠢᠨ ᠤᠯᠠᠭᠠᠨᠪᠠᠭᠠᠲᠤᠷ ᠤᠨ ᠠᠷᠠᠳᠴᠢᠯᠠᠯ ᠤᠨ ᠹᠣᠷᠣᠮ ᠨᠢ ᠠᠽᠢᠶ᠎ᠠ ᠲᠢᠪ ᠲᠦ ᠠᠷᠠᠳᠴᠢᠯᠠᠯ ᠢ ᠪᠡᠬᠢᠵᠢᠭᠦᠯᠬᠦ ᠳᠦ ᠢᠷᠭᠡᠨ ᠦ ᠨᠡᠶᠢᠭᠡᠮ ᠤᠨ ᠪᠠᠶᠢᠭᠤᠯᠤᠯᠭ᠎ᠠ ᠨᠤᠭᠤᠳ ᠤᠨ ᠣᠷᠣᠯᠴᠠᠭ᠎ᠠ᠂ ᠢᠳᠡᠪᠬᠢ ᠴᠢᠬᠤᠯᠠ ᠶᠢ ᠣᠨᠴᠠᠯᠠᠨ ᠠᠽᠢᠶ᠎ᠠ ᠳᠤ ᠠᠷᠠᠳᠴᠢᠯᠠᠯ ᠤᠨ ᠰᠦᠯᠵᠢᠶ᠎ᠡ ᠶᠢ ᠪᠤᠢ ᠪᠣᠯᠭᠠᠬᠤ ᠠᠰᠠᠭᠤᠳᠠᠯ ᠢ ᠬᠥᠨᠳᠡᠵᠦ ᠪᠠᠶᠢᠨ᠎ᠠ᠃ ᠲᠡᠭᠡᠭᠡᠳ ᠴᠤ ᠳᠡᠯᠡᠬᠡᠢ ᠨᠡᠶᠢᠲᠡ ᠪᠡᠷ ᠲᠤᠩᠬᠠᠭᠯᠠᠨ ᠬᠡᠷᠡᠭᠵᠢᠭᠦᠯᠵᠦ ᠪᠤᠢ ᠲᠣᠭᠲᠠᠪᠤᠷᠢᠲᠠᠢ ᠬᠥᠭᠵᠢᠯ ᠦᠨ ᠵᠣᠷᠢᠯᠲᠠ ᠶᠢᠨ 16 ᠍ ᠳᠦ ᠵᠢᠭᠠᠭᠰᠠᠨ ︽ᠡᠩᠬᠡ ᠲᠠᠶᠢᠪᠤᠩ᠂ ᠰᠢᠳᠤᠷᠭᠤ ᠶᠣᠰᠣ ᠶᠢ ᠴᠤᠭᠴᠠᠯᠠᠬᠤ︾ ᠶᠢᠨ ᠲᠥᠯᠥᠭᠡ ᠨᠡᠶᠢᠲᠡ ᠪᠡᠷ ᠢᠶᠡᠨ ᠬᠤᠷᠠᠨ ᠴᠢᠭᠤᠯᠵᠤ ᠪᠤᠢ ᠶᠢ ᠲᠣᠳᠣᠳᠬᠠᠵᠤ ᠪᠠᠶᠢᠨ᠎ᠠ᠃ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ 2005 ᠣᠨ ᠳᠤ ᠪᠠᠲᠤᠯᠠᠭᠰᠠᠨ ᠮᠢᠩᠭᠠᠨ ᠤ ᠬᠥᠭᠵᠢᠯ ᠦᠨ ᠵᠣᠷᠢᠯᠲᠠ ᠶᠢᠨ ᠶᠢᠰᠦᠳᠦᠭᠡᠷ ᠪᠣᠯᠬᠤ  ︽ᠬᠦᠮᠦᠨ ᠦ ᠡᠷᠬᠡ ᠶᠢ ᠪᠡᠬᠢᠵᠢᠭᠦᠯᠵᠦ᠂ ᠠᠷᠠᠳᠴᠢᠯᠠᠭᠰᠠᠨ ᠵᠠᠰᠠᠭᠯᠠᠯ ᠢ ᠳᠡᠮᠵᠢᠬᠦ︾ ᠵᠣᠷᠢᠯᠲᠠ ᠨᠢ ᠣᠳᠣ ᠶᠢᠨ ᠲᠣᠭᠲᠠᠪᠤᠷᠢᠲᠠᠢ ᠬᠥᠭᠵᠢᠯ ᠦᠨ ᠵᠣᠷᠢᠯᠲᠠ ᠶᠢᠨ ︽ᠡᠩᠬᠡ ᠲᠠᠶᠢᠪᠤᠩ᠂ ᠰᠢᠳᠤᠷᠭᠤ ᠶᠣᠰᠣ ᠶᠢ ᠴᠤᠭᠴᠠᠯᠠᠬᠤ︾ ᠶᠢᠨ ᠡᠭᠦᠰᠦᠯ ᠭᠡᠳᠡᠭ ᠢ ᠣᠨᠴᠠᠯᠠᠨ ᠠᠪᠴᠤ ᠦᠵᠡᠵᠦ ᠪᠤᠢ ᠶᠢ ᠥᠨᠥᠳᠥᠷ ᠦᠨ ᠹᠣᠷᠣᠮ ᠤᠨ ᠦᠶ᠎ᠡ ᠪᠡᠷ ᠢᠯᠡᠷᠬᠡᠶᠢᠯᠡᠵᠦ ᠪᠠᠶᠢᠪᠠ᠃
ᠲᠣᠳᠣᠷᠠᠭᠤᠯᠭ᠎ᠠ᠄ ︽ᠤᠯᠠᠭᠠᠨᠪᠠᠭᠠᠲᠤᠷ ᠤᠨ ᠠᠷᠠᠳᠴᠢᠯᠠᠯ ᠤᠨ ᠹᠣᠷᠣᠮ-2019︾  ︵UBDF︶ ᠨᠢ ᠣᠯᠠᠨ ᠤᠯᠤᠰ ᠤᠨ ᠬᠡᠮᠵᠢᠶᠡᠨ ᠳᠦ ᠬᠤᠶᠠᠳᠠᠬᠢ ᠵᠢᠯ ᠳᠦ ᠪᠡᠨ ᠵᠣᠬᠢᠶᠠᠨ ᠪᠠᠶᠢᠭᠤᠯᠵᠤ ᠪᠤᠢ ᠵᠥᠪᠯᠡᠯᠳᠦᠬᠦ ᠠᠭᠤᠯᠵᠠᠯᠲᠠ ᠪᠥᠭᠡᠳ ᠠᠩᠬᠠᠨ ᠤ ᠹᠣᠷᠣᠮ ᠪᠣᠯᠬᠤ ︽ ᠪᠤᠰᠠᠨ-ᠠᠷᠠᠳᠴᠢᠯᠠᠯ ᠤᠨ ᠹᠣᠷᠣᠮ ︾ ︵BuDF︶ ᠨᠢ ︽ᠠᠽᠢᠶ᠎ᠠ ᠳ᠋ᠡᠬᠢ ᠡᠩᠬᠡ ᠲᠠᠶᠢᠪᠤᠩᠴᠢ᠂ ᠰᠢᠳᠤᠷᠭᠤ ᠣᠷᠣᠯᠴᠠᠭᠠᠨ ᠤ ᠨᠡᠶᠢᠭᠡᠮ ᠤᠨ ᠲᠥᠯᠥᠭᠡ︾ ᠭᠡᠰᠡᠨ ᠰᠡᠳᠦᠪ ᠦᠨ ᠳᠣᠣᠷ᠎ᠠ 2018 ᠣᠨ ᠤ ᠨᠢᠭᠡᠳᠦᠭᠡᠷ ᠰᠠᠷ᠎ᠠ ᠶᠢᠨ 22-24 ᠍ ᠳᠦ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠪᠤᠰᠠ  ᠬᠤᠲᠠ ᠳᠤ ᠮᠥᠨ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ