ᠰᠤᠯᠤᠩᠭᠤᠰ ᠤᠨ ᠪᠠᠩᠬᠢ ᠲᠠᠢ ᠪᠠᠶᠢᠭᠤᠯᠬᠤ ᠵᠢᠭᠡᠯᠡ ᠶᠢᠨ ᠭᠡᠷ᠎ᠡ ᠶᠢ ᠬᠡᠯᠡᠯᠴᠡᠨ᠎ᠡ
ᠵᠠᠰᠠᠭ ᠤᠨ ᠭᠠᠵᠠᠷ ᠡᠨᠡ ᠰᠠᠷ᠎ᠠ ᠶᠢᠨ 27 ᠍ ᠤ 08.00 ᠴᠠᠭ ᠲᠤ ᠲᠥᠷᠥ ᠶᠢᠨ ᠣᠷᠳᠣᠨ ᠳᠤ ᠬᠤᠷᠠᠯᠳᠤᠵᠤ᠂ 20 ᠠᠰᠠᠭᠤᠳᠠᠯ ᠬᠡᠯᠡᠯᠴᠡᠬᠦ ᠪᠡᠷ ᠲᠥᠯᠥᠪᠯᠡᠭᠰᠡᠨ ᠪᠠᠶᠢᠨ᠎ᠠ᠃ ᠬᠤᠷᠠᠯᠳᠤᠭᠠᠨ ᠢᠶᠠᠷ ᠮᠥᠩᠭᠥᠨ ᠲᠥᠯᠥᠪᠦᠷᠢ ᠶᠢᠨ ᠬᠡᠮᠵᠢᠶ᠎ᠡ ᠶᠢ ᠰᠢᠨᠡᠴᠢᠯᠡᠨ ᠲᠣᠭᠲᠠᠭᠠᠬᠤ ᠲᠤᠬᠠᠢ᠂ ᠵᠠᠰᠠᠭ ᠤᠨ ᠭᠠᠵᠠᠷ ᠤᠨ ᠲᠤᠰᠬᠠᠢ ᠰᠠᠩ ᠤᠳ ᠤᠨ ᠲᠠᠯ᠎ᠠ ᠪᠠᠷ ᠠᠪᠬᠤ ᠠᠷᠭ᠎ᠠ ᠬᠡᠮᠵᠢᠶᠡᠨ ᠦ ᠲᠤᠬᠠᠢ᠂ ᠰᠠᠩ ᠤᠨ ᠶᠠᠮᠤ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠡᠺᠰᠫᠣᠷᠲ ᠢᠮᠫᠣᠷᠲ ᠪᠠᠩᠬᠢ ᠬᠣᠭᠣᠷᠣᠨᠳᠣ ᠪᠠᠶᠢᠭᠤᠯᠬᠤ ᠵᠢᠭᠡᠯᠡ ᠶᠢᠨ ᠭᠡᠷ᠎ᠡ ᠶᠢᠨ ᠲᠥᠰᠥᠯ ᠦᠨ ᠲᠤᠬᠠᠢ ᠬᠡᠯᠡᠯᠴᠡᠬᠦ ᠶᠤᠮ᠃ ᠮᠥᠨ ᠤᠯᠤᠰ ᠤᠨ ᠶᠡᠬᠡ ᠬᠤᠷᠠᠯ ᠤᠨ ᠭᠡᠰᠢᠭᠦᠨ ᠳ ∙ ᠴᠣᠭᠲᠤᠪᠠᠭᠠᠲᠤᠷ ᠤᠨ ᠰᠠᠨᠠᠭᠠᠴᠢᠯᠠᠭᠰᠠᠨ ︽ᠬᠦᠮᠦᠨ ᠦ ᠡᠷᠬᠡ ᠶᠢᠨ ᠬᠠᠮᠠᠭᠠᠯᠠᠭᠴᠢ ᠶᠢᠨ ᠲᠤᠬᠠᠢ ︾ ᠬᠠᠤᠯᠢ ᠶᠢᠨ ᠲᠥᠰᠥᠯ ᠳᠦ ᠵᠠᠰᠠᠭ ᠤᠨ ᠭᠠᠵᠠᠷ ᠠᠴᠠ ᠥᠭᠬᠦ ᠰᠠᠨᠠᠯ ᠳ᠋ᠦᠩᠨᠡᠯᠲᠡ ᠶᠢᠨ ᠲᠤᠬᠠᠢ᠂ ᠭᠧᠣᠯᠣᠭᠢ ᠶᠢᠨ ᠵᠢᠷᠤᠭᠯᠠᠯ᠂ ᠶᠡᠷᠦᠩᠬᠡᠢ ᠡᠷᠢᠯ ᠦᠨ ᠠᠵᠢᠯ ᠭᠦᠢᠴᠡᠳᠭᠡᠬᠦ ᠲᠠᠯᠠᠪᠠᠢ ᠶᠢ ᠤᠯᠤᠰ ᠤᠨ ᠨᠦᠭᠡᠴᠡ ᠳᠦ ᠠᠪᠬᠤ ᠲᠤᠬᠠᠢ᠂ ︽ᠡᠷᠳᠡᠨᠢᠰ ᠮᠣᠩᠭᠣᠯ︾ ᠺᠣᠮᠫᠠᠨᠢ ᠶᠢᠨ ᠠᠵᠢᠯ ᠤᠨ ᠲᠠᠯ᠎ᠠ ᠪᠠᠷ ᠬᠡᠯᠡᠯᠴᠡᠬᠦ ᠪᠡᠷ ᠲᠥᠯᠥᠪᠯᠡᠭᠰᠡᠨ ᠪᠠᠶᠢᠨ᠎ᠠ᠃