ᠠᠮᠧᠷᠢᠺᠠ  ᠳᠦ ᠮᠣᠷᠢᠨ ᠬᠤᠭᠤᠷ ᠤᠨ ᠨᠠᠭᠠᠳᠤᠮ ᠪᠣᠯᠤᠨ᠎ᠠ | News.MN

ᠠᠮᠧᠷᠢᠺᠠ  ᠳᠦ ᠮᠣᠷᠢᠨ ᠬᠤᠭᠤᠷ ᠤᠨ ᠨᠠᠭᠠᠳᠤᠮ ᠪᠣᠯᠤᠨ᠎ᠠ

ᠢᠷᠡᠬᠦ ᠭᠤᠷᠪᠠᠳᠤᠭᠠᠷ ᠰᠠᠷ᠎ᠠ ᠳᠤ ᠠᠮᠧᠷᠢᠺᠠ ᠶᠢᠨ ᠮᠡᠴᠢᠭᠠᠨ ᠮᠤᠵᠢ ᠳᠤ ᠮᠣᠩᠭᠣᠯ ᠰᠤᠶᠤᠯ ᠤᠨ ᠨᠢᠭᠡ ᠲᠣᠮᠣᠬᠠᠨ ᠦᠢᠯᠡ ᠠᠵᠢᠯᠯᠠᠭ᠎ᠠ ᠪᠣᠯᠬᠤ ᠭᠡᠵᠦ ᠪᠠᠶᠢᠨ᠎ᠠ᠃ ᠠᠮᠧᠷᠢᠺᠠ  ᠳᠦ ᠠᠮᠢᠳᠤᠷᠠᠵᠤ ᠪᠠᠶᠢᠭ᠎ᠠ ᠮᠣᠩᠭᠣᠯ ᠬᠥᠭᠵᠢᠮᠴᠢᠳ᠂ ᠮᠣᠩᠭᠣᠯ ᠰᠤᠶᠤᠯ ᠤᠷᠠᠯᠢᠭ ᠲᠤ ᠪᠠᠨ ᠡᠯᠢᠭᠡ ᠲᠡᠢ ᠵᠠᠯᠠᠭᠤᠰ᠂ ᠠᠮᠧᠷᠢᠺᠠ ᠶᠢᠨ ᠮᠣᠩᠭᠣᠯ ᠰᠤᠳᠤᠯᠤᠭᠠᠴᠢ ᠨᠠᠷ ᠬᠠᠮᠲᠤᠷᠠᠨ ︽ᠮᠣᠷᠢᠨ ᠬᠤᠭᠤᠷ ᠤᠨ ᠨᠠᠭᠠᠳᠤᠮ︾ ᠵᠣᠬᠢᠶᠠᠨ ᠪᠠᠶᠢᠭᠤᠯᠬᠤ ᠪᠠᠷ ᠰᠠᠨᠠᠭᠠᠴᠢᠯᠠᠵᠠᠢ᠃ ᠨᠠᠭᠠᠳᠤᠮ ᠢ ᠵᠣᠬᠢᠶᠠᠨ ᠪᠠᠶᠢᠭᠤᠯᠤᠭᠴᠢᠳ ᠤᠨ ᠨᠢᠭᠡ ᠮᠢᠴᠢᠭᠠᠨ ᠤ ᠶᠡᠬᠡ ᠰᠤᠷᠭᠠᠭᠤᠯᠢ ᠶᠢᠨ ᠳᠡᠷᠭᠡᠳᠡᠬᠢ ᠮᠣᠩᠭᠣᠯ ᠰᠤᠶᠤᠯ ᠤᠨ ᠪᠠᠶᠢᠭᠤᠯᠤᠯᠭ᠎ᠠ ᠶᠢᠨ ᠵᠥᠪᠯᠡᠬᠦ᠂ Cisco Systems ᠺᠣᠮᠫᠠᠨᠢ ᠶᠢᠨ ᠫᠷᠦᠭᠷᠡᠮ ᠬᠠᠩᠭᠠᠮᠵᠢ ᠶᠢᠨ ᠠᠶᠤᠯ ᠦᠭᠡᠢ ᠪᠠᠶᠢᠳᠠᠯ ᠤᠨ ᠢᠨᠵᠧᠨᠧᠷ ᠭ∙ᠡᠷᠳᠡᠨᠢᠪᠠᠲᠤ ᠲᠠᠢ ᠶᠠᠷᠢᠯᠴᠠᠪᠠ᠃
– ᠮᠣᠷᠢᠨ ᠬᠤᠭᠤᠷ ᠤᠨ ᠨᠠᠭᠠᠳᠤᠮ ᠠᠮᠧᠷᠢᠺᠠ ᠳᠦ ᠵᠣᠬᠢᠶᠠᠬᠤ ᠭᠡᠵᠦ ᠪᠠᠶᠢᠭ᠎ᠠ ᠲᠠᠯ᠎ᠠ ᠪᠠᠷ ᠰᠣᠨᠣᠰᠤᠯ᠎ᠠ᠃ ᠶᠠᠮᠠᠷ ᠬᠦᠮᠦᠰ ᠡᠨᠡ ᠠᠷᠭ᠎ᠠ ᠬᠡᠮᠵᠢᠶ᠎ᠡ ᠶᠢ ᠰᠠᠨᠠᠭᠠᠴᠢᠯᠠᠪᠠ᠃ ᠠᠮᠧᠷᠢᠺᠠ  ᠳᠦ ᠮᠣᠷᠢᠨ ᠬᠤᠭᠤᠷ ᠤᠨ ᠨᠠᠭᠠᠳᠤᠮ ᠵᠣᠬᠢᠶᠠᠬᠤ ᠶᠢᠨ ᠠᠴᠢ ᠬᠣᠯᠪᠣᠭᠳᠠᠯ ᠶᠠᠭᠤ ᠪᠤᠢ︖
– ᠲᠡᠶᠢᠮᠦ ᠡ᠃ ᠡᠨᠡ ᠨᠠᠭᠠᠳᠤᠮ ᠤᠨ ᠮᠠᠨᠢ ᠠᠯᠪᠠᠨ ᠶᠣᠰᠣᠨ ᠤ ᠨᠡᠷ᠎ᠡ ᠨᠢ ᠠᠮᠧᠷᠢᠺᠠ ᠳ᠋ᠡᠬᠢ ᠮᠣᠷᠢᠨ ᠬᠤᠭᠤᠷ ᠤᠨ ᠠᠩᠬᠠᠳᠤᠭᠠᠷ ᠨᠠᠭᠠᠳᠤᠮ᠃ ᠥᠭᠡᠷ᠎ᠡ ᠪᠡᠷ ᠬᠡᠯᠡᠪᠡᠯ᠂ ᠠᠮᠧᠷᠢᠺᠠ ᠣᠷᠣᠨ ᠳᠤ ᠮᠣᠷᠢᠨ ᠬᠤᠭᠤᠷ ᠢ ᠮᠡᠳᠡᠳᠡᠭ᠂ ᠰᠣᠨᠢᠷᠬᠠᠳᠠᠭ᠂ ᠰᠤᠳᠤᠯᠳᠠᠭ ᠬᠦᠮᠦᠰ ᠢ ᠨᠢᠭᠡ ᠳᠣᠣᠷ᠎ᠠ ᠴᠤᠭᠯᠠᠭᠤᠯᠬᠤ ᠶᠢ ᠵᠣᠷᠢᠭᠰᠠᠨ ᠬᠡᠨ ᠪᠦᠬᠦᠨ ᠳᠦ ᠨᠡᠭᠡᠭᠡᠯᠲᠡ ᠲᠡᠢ ᠨᠠᠭᠠᠳᠤᠮ ᠶᠤᠮ᠃ ᠡᠨᠡ ᠨᠠᠭᠠᠳᠤᠮ ᠢ ᠮᠣᠷᠢᠨ ᠬᠤᠭᠤᠷ ᠤᠨ ᠴᠢᠭᠤᠯᠭ᠎ᠠ ᠶᠢ ᠡᠭᠦᠰᠬᠡᠨ ᠪᠠᠶᠢᠭᠤᠯᠤᠭᠴᠢᠳ ᠤᠨ ᠨᠢᠭᠡ᠂ ᠠᠷᠠᠳ ᠤᠨ ᠵᠦᠴᠦᠭᠡᠴᠢᠨ ᠼ∙ᠪᠠᠲᠤᠴᠢᠯᠠᠭᠤᠨ ᠠᠭᠰᠠᠨ ᠤ ᠬᠢᠵᠦ ᠪᠦᠲᠦᠭᠡᠭᠰᠡᠨ ᠦ ᠦᠷ᠎ᠡ ᠰᠢᠮ᠎ᠡ᠂ ᠦᠷᠭᠦᠯᠵᠢᠯᠡᠯ ᠴᠤ ᠭᠡᠵᠦ ᠬᠡᠯᠡᠵᠦ ᠪᠣᠯᠬᠤ ᠪᠦᠷᠢᠨ ᠦᠨᠳᠦᠰᠦ ᠲᠡᠢ᠃ ᠤᠴᠢᠷ ᠶᠠᠭᠤ ᠭᠡᠪᠡᠯ ᠮᠣᠷᠢᠨ ᠬᠤᠭᠤᠷ ᠤᠨ ᠴᠢᠭᠤᠯᠭ᠎ᠠ ᠶᠢᠨ ᠳᠡᠷᠭᠡᠳᠡ ︽ᠬᠤᠭᠤᠷᠴᠢ ᠶᠢᠨ ᠬᠢᠨ︾ ᠭᠡᠵᠦ ᠰᠤᠷᠭᠠᠯᠲᠠ ᠶᠢᠨ ᠲᠥᠪ ᠪᠠᠶᠢᠳᠠᠭ᠃ ᠡᠨᠡ ᠲᠥᠪ ᠦᠨ ᠠᠮᠧᠷᠢᠺᠠ  ᠳ᠋ᠡᠬᠢ ᠰᠠᠯᠪᠤᠷᠢ ᠶᠢ ᠰᠢᠶᠠᠲᠭ᠍ᠸᠯ  ᠬᠤᠲᠠ ᠳᠤ ᠠᠵᠢᠯᠯᠠᠵᠤ ᠠᠮᠢᠳᠤᠷᠠᠳᠠᠭ᠂ ᠼ∙ᠪᠠᠲᠤᠴᠢᠯᠠᠭᠤᠨ ᠠᠭᠰᠠᠨ ᠤ ᠣᠳᠬᠣᠨ ᠱᠠᠪᠢ ᠭ∙ᠤᠷᠲᠤᠨᠠᠰᠤᠨ ᠰᠠᠨᠠᠭᠠᠴᠢᠯᠠᠵᠤ᠂ ᠮᠠᠨ ᠤ ᠮᠣᠩᠭᠣᠯ ᠰᠤᠶᠤᠯ ᠤᠨ ᠪᠠᠶᠢᠭᠤᠯᠤᠯᠭ᠎ᠠ ᠶᠡᠷᠦᠩᠬᠡᠢ ᠵᠣᠬᠢᠶᠠᠨ ᠪᠠᠶᠢᠭᠤᠯᠤᠭᠴᠢ ᠪᠠᠷ ᠨᠢ ᠠᠵᠢᠯᠯᠠᠵᠤ ᠪᠠᠶᠢᠨ᠎ᠠ᠃
ᠲᠠ ᠠᠴᠢ ᠬᠣᠯᠪᠣᠭᠳᠠᠯ ᠤᠨ ᠲᠤᠬᠠᠢ ᠠᠰᠠᠭᠤᠯ᠎ᠠ᠃ ᠳᠡᠯᠭᠡᠷᠡᠭᠦᠯᠵᠦ ᠶᠠᠷᠢᠪᠠᠯ ᠣᠯᠠᠨ ᠴᠢᠬᠤᠯᠠ ᠵᠦᠢᠯ ᠦᠨ ᠲᠠᠯ᠎ᠠ ᠪᠠᠷ ᠶᠠᠷᠢᠬᠤ ᠬᠡᠷᠡᠭᠲᠡᠢ ᠪᠣᠯᠬᠤ ᠪᠠᠶᠢᠬᠤ ᠯᠠ ᠳ᠋ᠠ᠃ ᠲᠡᠶᠢᠮᠦ ᠡᠴᠡ ᠪᠢ ᠲᠠᠨ ᠤ ᠡᠨᠡ ᠠᠰᠠᠭᠤᠯᠲᠠ ᠳᠤ ᠲᠣᠪᠴᠢᠬᠠᠨ ᠬᠠᠷᠢᠭᠤᠯᠬᠤ ᠶᠢ ᠬᠢᠴᠢᠶᠡᠶ᠎ᠡ᠃ ᠥᠷᠭᠡᠨ ᠤᠳᠬ᠎ᠠ ᠪᠠᠷ ᠢᠶᠠᠨ ᠮᠣᠩᠭᠣᠯ ᠦᠨᠳᠦᠰᠦᠲᠡᠨ ᠦ ᠨᠢᠭᠡᠳᠦᠮᠡᠯ ᠴᠢᠨᠠᠷ ᠭᠡᠪᠡᠯ ᠪᠢᠳᠡᠨ ᠳᠦ ᠬᠡᠯᠡ᠂ ᠰᠤᠶᠤᠯ᠂ ᠲᠡᠦᠬᠡ ᠭᠤᠷᠪᠠ ᠯᠠ ᠪᠤᠢ ᠭᠡᠬᠦ ᠳᠦ ᠪᠤᠷᠤᠭᠤᠳᠠᠬᠤ ᠦᠭᠡᠢ ᠪᠠᠶᠢᠬᠤ᠃ ᠡᠭᠦᠨ ᠡᠴᠡ ᠤᠯᠪᠠᠭᠠᠯᠠᠭᠠᠳ ᠮᠣᠩᠭᠣᠯ ᠰᠤᠶᠤᠯ ᠤᠨ ᠭᠣᠣᠯ  ᠴᠦᠮ᠎ᠡ ᠨᠤᠭᠦᠳ ᠦᠨ ᠨᠢᠭᠡ ᠨᠢ ᠭᠡᠪᠡᠯ ᠶᠠᠭᠠᠬᠢᠬᠤ ᠠᠷᠭ᠎ᠠ ᠦᠭᠡᠢ ᠮᠣᠷᠢᠨ ᠬᠤᠭᠤᠷ ᠢ ᠨᠡᠷᠡᠯᠡᠬᠦ ᠡᠴᠡ ᠥᠭᠡᠷ᠎ᠡ ᠠᠷᠭ᠎ᠠ ᠦᠭᠡᠢ᠃ ᠡᠶᠢᠮᠦ ᠳᠦ ᠵᠣᠬᠢᠶᠠᠨ ᠪᠠᠶᠢᠭᠤᠯᠤᠭᠴᠢᠳ ᠤᠨ ᠬᠤᠪᠢ ᠳᠤ ᠡᠨᠡ ᠨᠠᠭᠠᠳᠤᠮ ᠤᠨ ᠠᠴᠢ ᠬᠣᠯᠪᠣᠭᠳᠠᠯ ᠢ ᠬᠣᠶᠠᠷ ᠲᠠᠯ᠎ᠠ ᠠᠴᠠ ᠬᠠᠷᠠᠵᠤ ᠪᠠᠶᠢᠭ᠎ᠠ᠃
ᠨᠢᠭᠡ ᠳᠦ᠂ ᠠᠮᠧᠷᠢᠺᠠ  ᠳᠦ ᠠᠮᠢᠳᠤᠷᠠᠵᠤ ᠪᠤᠢ ᠮᠣᠩᠭᠣᠯ ᠰᠤᠶᠤᠯ ᠠᠴᠠ ᠪᠠᠨ ᠰᠤᠷᠴᠤ ᠮᠡᠳᠡᠬᠦ ᠶᠢ ᠬᠦᠰᠡᠭᠰᠡᠨ ᠰᠢᠨ᠎ᠡ ᠵᠠᠯᠠᠭᠤ ᠦᠶ᠎ᠡ ᠶᠢᠨ ᠬᠢᠨ ᠪᠣᠯᠤᠨ ᠠᠵᠢᠯᠯᠠᠵᠤ ᠠᠮᠢᠳᠤᠷᠠᠵᠤ ᠪᠤᠢ ᠮᠣᠩᠭᠣᠯᠴᠤᠳ ᠲᠤ ᠲᠡᠶᠢᠮᠦ ᠪᠣᠯᠤᠮᠵᠢ ᠶᠢ ᠣᠯᠭᠤᠵᠤ ᠪᠤᠢ ᠪᠠᠷ ᠢᠶᠠᠨ ᠠᠴᠢ ᠬᠣᠯᠪᠣᠭᠳᠠᠯ ᠲᠠᠢ᠃ ᠬᠣᠶᠠᠳᠤᠭᠠᠷ ᠲᠤ᠂ ᠮᠡᠷᠭᠡᠵᠢᠯ ᠦᠨ ᠲᠠᠯ᠎ᠠ ᠠᠴᠠ ᠪᠠᠨ ᠮᠣᠷᠢᠨ ᠬᠤᠭᠤᠷ ᠤᠨ ᠴᠢᠨᠠᠭᠰᠢᠳᠠ ᠶᠢᠨ ᠬᠥᠭᠵᠢᠯ᠂ ᠥᠭᠡᠷ᠎ᠡ ᠪᠡᠷ ᠬᠡᠯᠡᠪᠡᠯ ᠮᠣᠷᠢᠨ ᠬᠤᠭᠤᠷ ᠢ ᠠᠮᠧᠷᠢᠺᠠ ᠳᠦ ᠬᠡᠷᠬᠢᠨ ᠲᠠᠨᠢᠭᠤᠯᠬᠤ᠂ ᠲᠦᠭᠡᠭᠡᠨ ᠳᠡᠯᠭᠡᠷᠡᠭᠦᠯᠬᠦ᠂ ᠥᠨᠥ ᠶᠢᠨ ᠲᠤᠯᠭᠠᠷᠠᠵᠤ ᠪᠤᠢ ᠠᠰᠠᠭᠤᠳᠠᠯ ᠤᠳ ᠭᠡᠳ ᠣᠯᠠᠨ ᠰᠡᠳᠦᠪ ᠢᠶᠡᠷ ᠬᠡᠯᠡᠯᠴᠡᠵᠦ ᠶᠠᠷᠢᠯᠴᠠᠬᠤ ᠪᠣᠯᠤᠮᠵᠢ ᠶᠢ ᠣᠯᠭᠣᠬᠤ ᠶᠤᠮ᠃
ᠨᠠᠭᠠᠳᠤᠮ ᠤᠨ ᠵᠠᠷ ᠭᠠᠷᠤᠭᠰᠠᠨ ᠴᠠᠭ ᠠᠴᠠ ᠬᠣᠶᠢᠰᠢ ᠣᠯᠠᠨ ᠮᠡᠷᠭᠡᠵᠢᠯ ᠦᠨ ᠪᠣᠯᠤᠨ ᠮᠡᠷᠭᠡᠵᠢᠯ ᠦᠨ ᠪᠤᠰᠤ ᠬᠤᠭᠤᠷᠴᠢᠳ᠂ ᠮᠣᠷᠢᠨ ᠬᠤᠭᠤᠷ ᠲᠤ ᠰᠣᠨᠢᠷᠬᠠᠯᠲᠠᠢ᠂ ᠮᠣᠩᠭᠣᠯ ᠰᠤᠶᠤᠯ ᠢᠶᠠᠨ ᠬᠦᠨᠳᠦᠯᠡᠵᠦ ᠬᠠᠶᠢᠷᠠᠯᠠᠳᠠᠭ ᠣᠯᠠᠨ ᠬᠦᠮᠦᠰ ᠳᠡᠮᠵᠢᠵᠦ ᠪᠤᠢ  ᠪᠠᠨ ᠢᠯᠡᠷᠬᠡᠶᠢᠯᠡᠭᠰᠡᠨ᠃ ᠲᠡᠷᠡ ᠪᠤᠤ ᠬᠡᠯᠡ ᠬᠢᠯᠢ ᠶᠢᠨ ᠴᠢᠨᠠᠳᠤ ᠠᠴᠠ ᠴᠤ ᠢᠷᠡᠵᠦ ᠣᠷᠣᠯᠴᠠᠵᠤ ᠪᠣᠯᠬᠤ ᠤᠤ᠂ ᠣᠷᠣᠯᠴᠠᠮᠠᠷ ᠪᠠᠶᠢᠨ᠎ᠠ ᠭᠡᠰᠡᠨ ᠠᠰᠠᠭᠤᠯᠲᠠ᠂ ᠬᠦᠰᠡᠯᠲᠡ ᠨᠦᠭᠦᠳ ᠣᠯᠠᠨ ᠢᠶᠠᠷ ᠢᠷᠡᠭᠰᠡᠨ᠃ ᠦᠨᠡᠬᠡᠷ ᠮᠣᠷᠢᠨ ᠬᠤᠭᠤᠷ ᠲᠤ ᠵᠣᠷᠢᠭᠤᠯᠤᠭᠰᠠᠨ ᠠᠷᠭ᠎ᠠ ᠬᠡᠮᠵᠢᠶ᠎ᠡ ᠠᠮᠧᠷᠢᠺᠠ  ᠳᠦ ᠵᠣᠬᠢᠶᠠᠭᠳᠠᠬᠤ ᠴᠠᠭ ᠨᠢ ᠴᠤ ᠪᠣᠯᠤᠭᠰᠠᠨ ᠪᠠᠶᠢᠬᠤ ᠯᠠ ᠳ᠋ᠠ᠃ ᠮᠠᠨ ᠤ ᠮᠣᠩᠭᠣᠯ ᠰᠤᠶᠤᠯ ᠤᠨ ᠪᠠᠶᠢᠭᠤᠯᠤᠯᠭ᠎ᠠ ᠦᠨᠳᠦᠰᠦᠨ ᠳᠦ ᠪᠡᠨ  ᠮᠢᠴᠢᠭᠠᠨ ᠤ ᠶᠡᠬᠡ ᠰᠤᠷᠭᠠᠭᠤᠯᠢ ᠪᠣᠯᠤᠨ ᠮᠢᠴᠢᠭᠠᠨ ᠤ ᠪᠤᠰᠤᠳ ᠰᠤᠷᠭᠠᠭᠤᠯᠢ ᠨᠤᠭᠤᠳ ᠲᠤ ᠰᠤᠷᠤᠯᠴᠠᠳᠠᠭ ᠣᠶᠤᠲᠠᠨ ᠨᠤᠭᠤᠳ ᠠᠴᠠ ᠪᠦᠷᠢᠳᠳᠡᠭ ᠶᠤᠮ᠃ ᠣᠶᠤᠲᠠᠨ ᠵᠠᠯᠠᠭᠤᠰ ᠮᠠᠨᠢ ᠮᠢᠴᠢᠭᠠᠨ ᠳᠤ ᠠᠵᠢᠯᠯᠠᠵᠤ ᠠᠮᠢᠳᠤᠷᠠᠳᠠᠭ ᠠᠬ᠎ᠠ ᠡᠭᠡᠴᠢ ᠨᠠᠷ ᠲᠠᠢ ᠪᠠᠨ ᠨᠡᠶᠢᠯᠡᠭᠡᠳ ᠮᠣᠷᠢᠨ ᠬᠤᠭᠤᠷ ᠤᠨ ᠠᠩᠬᠠᠨ ᠤ ᠨᠠᠭᠠᠳᠤᠮ ᠢ ᠠᠮᠵᠢᠯᠲᠠ ᠲᠠᠢ ᠵᠣᠬᠢᠶᠠᠨ ᠪᠠᠶᠢᠭᠤᠯᠬᠤ ᠶᠢᠨ ᠲᠥᠯᠥᠭᠡ ᠦᠨᠡᠬᠡᠷ ᠵᠠᠪ ᠦᠭᠡᠢ ᠠᠵᠢᠯᠯᠠᠵᠤ ᠪᠠᠶᠢᠨ᠎ᠠ᠃
-ᠨᠠᠭᠠᠳᠤᠮ ᠤᠨ ᠦᠶ᠎ᠡ ᠪᠡᠷ ᠶᠠᠮᠠᠷ ᠶᠠᠮᠠᠷ ᠠᠷᠭ᠎ᠠ ᠬᠡᠮᠵᠢᠶ᠎ᠡ ᠪᠣᠯᠬᠤ ᠪᠤᠢ︖
-ᠨᠠᠭᠠᠳᠤᠮ ᠤᠨ ᠦᠶ᠎ᠡ ᠪᠡᠷ ᠡᠷᠳᠡᠮ ᠰᠢᠨᠵᠢᠯᠡᠭᠡᠨ ᠦ ᠢᠯᠡᠳᠬᠡᠯ᠂ ᠮᠣᠷᠢᠨ ᠬᠤᠭᠤᠷ ᠰᠣᠨᠢᠷᠬᠠᠭᠴᠢᠳ ᠤᠨ ᠤᠷᠤᠯᠳᠤᠭᠠᠨ᠂ ᠮᠣᠷᠢᠨ ᠬᠤᠭᠤᠷ ᠤᠨ ᠬᠢᠴᠢᠶᠡᠯ᠂ ᠬᠡᠯᠡᠯᠴᠡᠭᠦᠯᠭᠡ᠂ ᠮᠣᠷᠢᠨ ᠬᠤᠭᠤᠷ ᠤᠨ ᠰᠤᠷᠭᠠᠯᠲᠠ ᠶᠢᠨ ᠲᠥᠪ ᠦᠳ ᠦᠨ ᠰᠤᠷᠤᠭᠴᠢᠳ ᠤᠨ ᠲᠣᠭᠯᠠᠯᠲᠠ᠂ ᠠᠮᠧᠷᠢᠺᠠ  ᠳᠦ ᠠᠵᠢᠯᠯᠠᠵᠤ ᠠᠮᠢᠳᠤᠷᠠᠳᠠᠭ ᠮᠡᠷᠭᠡᠵᠢᠯ ᠦᠨ ᠮᠣᠷᠢᠨ ᠬᠤᠭᠤᠷᠴᠢᠳ ᠤᠨ ᠺᠣᠨᠼᠧᠷᠲ ᠭᠡᠳ ᠣᠯᠠᠨ ᠠᠷᠭ᠎ᠠ ᠬᠡᠮᠵᠢᠶ᠎ᠡ ᠨᠦᠭᠦᠳ ᠪᠣᠯᠤᠨ᠎ᠠ᠃ ᠣᠨᠴᠠᠯᠠᠵᠤ ᠬᠡᠯᠡᠬᠦ ᠳᠦ ᠶᠡᠬᠡᠩᠬᠢ ᠢᠯᠡᠳᠬᠡᠭᠴᠢ ᠮᠠᠨᠢ ᠠᠮᠧᠷᠢᠺᠠ ᠶᠢᠨ ᠶᠡᠬᠡ ᠳᠡᠭᠡᠳᠦ ᠰᠤᠷᠭᠠᠭᠤᠯᠢ ᠨᠤᠭᠤᠳ ᠤᠨ ᠬᠥᠭᠵᠢᠮ ᠰᠤᠳᠤᠯᠤᠭᠠᠴᠢᠳ᠃ ᠮᠥᠨ  ᠭᠠᠳᠠᠨ᠎ᠠ ᠶᠢᠨ ᠮᠡᠷᠭᠡᠵᠢᠯ ᠦᠨ ᠤᠳᠤᠷᠢᠳᠤᠭᠠᠴᠢ᠂ ᠬᠥᠭᠵᠢᠮᠴᠢᠳ ᠢᠷᠡᠵᠦ ᠬᠡᠯᠡᠯᠴᠡᠭᠦᠯᠭᠡ ᠪᠣᠯᠤᠨ ᠤᠷᠤᠯᠳᠤᠭᠠᠨ ᠳᠤ ᠣᠷᠣᠯᠴᠠᠨ᠎ᠠ᠃ ᠡᠳᠡᠭᠡᠷ ᠡᠴᠡ ᠠᠮᠧᠷᠢᠺᠠ ᠶᠢᠨ ᠬᠥᠭᠵᠢᠮ ᠦᠨ ᠮᠡᠷᠭᠡᠵᠢᠯᠲᠡᠨ ᠨᠦᠭᠦᠳ ᠮᠣᠷᠢᠨ ᠬᠤᠭᠤᠷ ᠢ ᠬᠡᠷᠬᠢᠨ᠂ ᠶᠠᠭᠤ ᠭᠡᠵᠦ ᠳ᠋ᠦᠩᠨᠡᠵᠦ ᠪᠠᠶᠢᠭ᠎ᠠ᠂ ᠴᠢᠨᠠᠭᠰᠢᠳᠠ ᠪᠢᠳᠡ ᠶᠠᠭᠠᠬᠢᠬᠤ ᠨᠢ ᠵᠦᠢᠲᠡᠢ ᠪᠤᠢ ᠵᠡᠷᠭᠡ ᠰᠡᠳᠦᠪ ᠦᠨ ᠬᠦᠷᠢᠶᠡᠨ ᠳᠦ ᠣᠯᠠᠨ ᠰᠣᠨᠢᠷᠬᠠᠯᠲᠠᠢ ᠰᠠᠨᠠᠯ ᠰᠠᠨᠠᠭᠠᠴᠢᠯᠠᠭ᠎ᠠ᠂ ᠶᠠᠷᠢᠶ᠎ᠠ ᠦᠷᠨᠢᠬᠦ ᠨᠢ ᠳᠠᠮᠵᠢᠭ ᠦᠭᠡᠢ᠃

ᠰᠡᠳᠬᠢᠭᠳᠡᠯ ᠦᠯᠡᠳᠡᠭᠡᠬᠦ