︽ᠶᠣᠣᠬᠣᠷ-2019︾ ᠨᠠᠭᠠᠳᠤᠮ ᠳᠣᠯᠣᠳᠤᠭᠠᠷ ᠰᠠᠷ᠎ᠠ ᠳᠤ ᠪᠤᠯᠤᠨ᠎ᠠ | News.MN

︽ᠶᠣᠣᠬᠣᠷ-2019︾ ᠨᠠᠭᠠᠳᠤᠮ ᠳᠣᠯᠣᠳᠤᠭᠠᠷ ᠰᠠᠷ᠎ᠠ ᠳᠤ ᠪᠤᠯᠤᠨ᠎ᠠ

︽ᠶᠣᠣᠬᠣᠷ-2019︾ ᠨᠠᠭᠠᠳᠤᠮ ᠢᠷᠡᠬᠦ ᠳᠣᠯᠣᠳᠤᠭᠠᠷ ᠰᠠᠷ᠎ᠠ ᠶᠢᠨ 18᠂ 19  ᠳᠤ ᠬᠡᠨᠲᠡᠢ ᠠᠶᠢᠮᠠᠭ ᠤᠨ ᠪᠠᠲᠤᠰᠢᠷᠡᠭᠡᠲᠦ ᠰᠤᠮᠤᠨ ᠳᠤ ᠵᠣᠬᠢᠶᠠᠨ ᠪᠠᠶᠢᠭᠤᠯᠬᠤ ᠶᠤᠮ ᠪᠠᠶᠢᠨ᠎ᠠ᠃ ᠤᠭ ᠨᠠᠭᠠᠳᠤᠮ ᠤᠨ ᠭᠣᠣᠯ ᠵᠣᠷᠢᠯᠭ᠎ᠠ ᠨᠢ ᠪᠤᠷᠢᠶᠠᠳ ᠤᠨ ᠤᠯᠠᠮᠵᠢᠯᠠᠯᠲᠤ ᠠᠷᠠᠳ ᠤᠨ ᠲᠣᠭᠣᠷᠢᠨ ᠪᠦᠵᠢᠭ ᠶᠣᠣᠬᠣᠷ ᠢ ᠬᠠᠳᠠᠭᠠᠯᠠᠵᠤ ᠬᠠᠮᠠᠭᠠᠯᠠᠨ ᠬᠣᠶᠢᠴᠢ  ᠦᠶ᠎ᠡ ᠳᠦ ᠪᠡᠨ ᠥᠪᠯᠡᠭᠦᠯᠬᠦ ᠶᠤᠮ᠃ ᠰᠡᠭᠦᠯ ᠦᠨ ᠵᠢᠯ ᠦᠳ ᠲᠦ ᠤᠭ ᠠᠷᠭ᠎ᠠ ᠬᠡᠮᠵᠢᠶ᠎ᠡ ᠣᠯᠠᠨ ᠤᠯᠤᠰ ᠤᠨ ᠨᠠᠭᠠᠳᠤᠮ ᠪᠣᠯᠤᠨ ᠥᠷᠭᠡᠵᠢᠭᠰᠡᠨ ᠪᠠᠶᠢᠨ᠎ᠠ᠃ ᠡᠨᠡ ᠵᠢᠯ  ᠲᠠᠪᠤᠳᠠᠬᠢ ᠤᠳᠠᠭ᠎ᠠ ᠪᠠᠨ ᠪᠣᠯᠬᠤ ︽ᠶᠣᠣᠬᠣᠷ︾ ᠨᠠᠭᠠᠳᠤᠮ ᠤᠨ ᠦᠶ᠎ᠡ ᠪᠡᠷ ᠡᠷᠳᠡᠮ ᠰᠢᠨᠵᠢᠯᠡᠭᠡᠨ ᠦ ᠬᠤᠷᠠᠯ᠂ ᠬᠦᠴᠦᠲᠦ ᠪᠥᠬᠡ ᠶᠢᠨ ᠪᠠᠷᠢᠯᠳᠤᠭᠠᠨ᠂ ᠪᠤᠷᠢᠶᠠᠳ ᠰᠤᠷ ᠤᠨ ᠬᠠᠷᠪᠤᠭ᠎ᠠ᠂  ᠬᠠᠲᠠᠷᠢᠶ᠎ᠠ ᠵᠢᠷᠤᠭ᠎ᠠ ᠮᠣᠷᠢᠳ ᠤᠨ ᠤᠷᠤᠯᠳᠤᠭᠠᠨ᠂ ᠰᠡᠭᠡᠷ ᠴᠤᠬᠢᠬᠤ ᠨᠠᠭᠠᠳᠤᠮ ᠵᠡᠷᠭᠡ ᠪᠤᠷᠢᠶᠠᠳ ᠶᠠᠰᠤᠲᠠᠨ ᠤ ᠵᠠᠩ ᠵᠠᠩᠰᠢᠯ᠂ ᠰᠤᠶᠤᠯ᠂ ᠦᠨᠳᠦᠰᠦᠨ ᠦ ᠰᠫᠣᠷᠲ ᠤᠨ ᠣᠨᠴᠠᠯᠢᠭ ᠢ ᠬᠠᠷᠠᠭᠤᠯᠤᠭᠰᠠᠨ ᠲᠡᠮᠡᠴᠡᠭᠡᠨ ᠤᠷᠤᠯᠳᠤᠭᠠᠨ ᠪᠣᠯᠬᠤ ᠠᠵᠡᠢ᠃

ᠰᠡᠳᠬᠢᠭᠳᠡᠯ ᠦᠯᠡᠳᠡᠭᠡᠬᠦ