ᠢᠮᠹᠯᠢᠶᠠᠼ ᠤᠨ ᠲᠦᠪᠰᠢᠨ ᠥᠩᠭᠡᠷᠡᠭᠰᠡᠨ ᠵᠢᠯ ᠤᠯᠤᠰ ᠤᠨ ᠬᠡᠮᠵᠢᠶᠡᠨ ᠳᠦ 7.3 ᠬᠤᠪᠢ ᠲᠠᠢ ᠪᠠᠶᠢᠯ᠎ᠠ᠃ ᠲᠥᠪ ᠪᠠᠩᠬᠢ ᠨᠠᠢᠮᠠ ᠣᠷᠴᠢᠮ ᠬᠤᠪᠢ ᠳᠤ ᠪᠠᠷᠢᠬᠤ ᠵᠣᠷᠢᠯᠲᠠ ᠲᠠᠯᠪᠢᠭᠠᠳ ᠪᠠᠶᠢᠭᠰᠠᠨ ᠶᠤᠮ᠃ ᠥᠩᠭᠡᠷᠡᠭᠰᠡᠨ ᠰᠠᠷ᠎ᠠ ᠶᠢᠨ ᠪᠠᠶᠢᠳᠠᠯ ᠢᠶᠠᠷ ᠢᠮᠹᠯᠢᠶᠠᠼ ᠤᠯᠤᠰ ᠤᠨ ᠬᠡᠮᠵᠢᠶᠡᠨ ᠳᠦ 7.3 ᠪᠠᠶᠢᠭᠰᠠᠨ ᠪᠣᠯ ᠤᠯᠠᠭᠠᠨᠪᠠᠭᠠᠲᠤᠷ ᠲᠤ 8.1 ᠬᠤᠪᠢ ᠲᠠᠢ ᠪᠠᠶᠢᠪᠠ᠃ ᠢᠮᠹᠯᠢᠶᠠᠼ ᠤᠨ ᠦᠰᠦᠯᠲᠠ ᠳᠤ ᠮᠢᠬ᠎ᠠ᠂ ᠬᠠᠲᠠᠭᠤ ᠲᠦᠯᠡᠰᠢ᠂ ᠰᠢᠲᠠᠬᠤᠨ ᠤ ᠦᠨ᠎ᠡ ᠰᠡᠭᠦᠯ ᠦᠨ ᠬᠡᠳᠦᠨ ᠰᠠᠷ᠎ᠠ ᠲᠣᠮᠣᠬᠠᠨ ᠨᠥᠯᠥᠭᠡ ᠦᠵᠡᠭᠦᠯᠦᠭᠰᠡᠨ᠃ ᠲᠡᠭᠡᠪᠡᠯ ᠰᠡᠭᠦᠯ ᠦᠨ ᠦᠶ᠎ᠡ ᠳᠦ ᠮᠥᠩᠭᠥᠨ ᠦ ᠪᠣᠳᠣᠯᠭ᠎ᠠ ᠶᠢᠨ ᠰᠢᠢᠳᠪᠦᠷᠢ ᠨᠦᠭᠦᠳ ᠨᠢ ᠢᠮᠹᠯᠢᠶᠠᠼ ᠢ ᠳᠤᠮᠳᠠ ᠬᠤᠭᠤᠴᠠᠭᠠᠨ ᠳᠤ ᠲᠣᠭᠲᠠᠪᠤᠷᠢᠵᠢᠭᠤᠯᠬᠤ ᠳᠤ ᠴᠢᠭᠯᠡᠭᠳᠡᠵᠦ ᠪᠠᠶᠢᠭ᠎ᠠ ᠲᠠᠯ᠎ᠠ ᠪᠠᠷ ᠮᠣᠩᠭᠣᠯ ᠪᠠᠩᠭᠢ ᠲᠠᠶᠢᠯᠪᠤᠷᠢᠯᠠᠭᠠᠳ ᠪᠤᠢ᠃ ᠲᠤᠬᠠᠶᠢᠯᠠᠪᠠᠯ᠂ 2020 ᠣᠨ ᠠᠴᠠ ᠢᠮᠹᠯᠢᠶᠠᠼ ᠤᠨ ᠵᠣᠷᠢᠯᠲᠠ ᠶᠢ ᠵᠢᠷᠭᠤᠭᠠᠨ ᠬᠤᠪᠢ ᠪᠣᠯᠭᠠᠵᠤ ᠪᠠᠭᠤᠷᠠᠭᠤᠯᠬᠤ ᠶᠤᠮ᠃ ᠠᠽᠢᠶ᠎ᠠ ᠶᠢᠨ ᠬᠥᠭᠵᠢᠯ ᠦᠨ ᠪᠠᠩᠬᠢᠨ ᠠᠴᠠ ᠡᠨᠡ ᠣᠨ ᠳᠤ ᠮᠠᠨ ᠤ ᠤᠯᠤᠰ ᠤᠨ ᠡᠳ᠋ ᠦᠨ ᠵᠠᠰᠠᠭ ᠤᠨ ᠨᠥᠬᠥᠴᠡᠯ ᠪᠠᠶᠢᠳᠠᠯ ᠤᠨ ᠲᠠᠭᠠᠮᠠᠭ ᠢ ᠭᠠᠷᠭᠠᠬᠤ ᠳᠤ ᠪᠠᠨ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠦ ᠥᠰᠦᠯᠲᠡ ᠶᠢ 4.3 ᠬᠤᠪᠢ ᠪᠣᠯᠵᠤ᠂ ᠢᠮᠹᠯᠢᠶᠠᠼ ᠤᠯᠤᠰ ᠤᠨ ᠬᠡᠮᠵᠢᠶᠡᠨ ᠳᠦ ᠳᠣᠯᠣᠭᠠᠨ ᠬᠤᠪᠢ ᠪᠠᠶᠢᠬᠤ ᠶᠢ ᠮᠡᠳᠡᠭᠡᠯᠡᠭᠰᠡᠨ᠃ ᠬᠠᠷᠢᠨ ᠣᠯᠠᠨ ᠤᠯᠤᠰ ᠤᠨ ᠸᠠᠯᠢᠶᠤᠲ ᠤᠨ ᠰᠠᠩ ᠤᠨ ᠳᠡᠯᠡᠬᠡᠢ ᠶᠢᠨ ᠡᠳ᠋ ᠍ ᠦᠨ ᠵᠠᠰᠠᠭ ᠤᠨ ᠲᠥᠯᠥᠪ ᠪᠠᠶᠢᠳᠠᠯ ᠤᠨ ᠲᠠᠶᠢᠯᠤᠨ ᠳᠤ ᠢᠮᠹᠯᠢᠶᠠᠼ ᠢ 6.8 ᠬᠤᠪᠢ ᠳᠤ ᠪᠠᠶᠢᠬᠤ ᠪᠠᠷ ᠲᠠᠭᠠᠮᠠᠭᠯᠠᠭᠰᠠᠨ ᠶᠤᠮ᠃