ᠥᠩᠭᠡᠷᠡᠭᠰᠡᠨ ᠰᠠᠷ᠎ᠠ ᠳᠤ ᠤᠯᠤᠰ ᠤᠨ ᠬᠡᠮᠵᠢᠶᠡᠨ ᠳᠦ ᠵᠦᠢ ᠪᠤᠰᠤ ᠪᠠᠷ 25.7 ᠮᠢᠩᠭᠠᠨ ᠮᠠᠯ ᠬᠣᠷᠣᠭᠳᠠᠵᠠᠢ᠃ ᠡᠨᠡ ᠨᠢ ᠡᠮᠦᠨᠡᠬᠢ ᠵᠢᠯ ᠡᠴᠡ 283 ᠮᠢᠩᠭ᠎ᠠ ᠪᠠᠷ ᠪᠠᠭᠤᠷᠠᠭᠰᠠᠨ ᠲᠣᠭ᠎ᠠ ᠶᠤᠮ᠃ ᠥᠭᠡᠷ᠎ᠡ ᠪᠡᠷ ᠬᠡᠯᠡᠪᠡᠯ᠂ ᠥᠩᠭᠡᠷᠡᠭᠰᠡᠨ ᠣᠨ ᠤ ᠨᠢᠭᠡᠳᠦᠭᠡᠷ ᠰᠠᠷ᠎ᠠ ᠳᠤ 309 ᠮᠢᠩᠭᠠᠨ ᠮᠠᠯ ᠵᠦᠢ ᠪᠤᠰᠤ ᠪᠠᠷ ᠬᠣᠷᠣᠭᠳᠠᠭᠰᠠᠨ ᠪᠠᠶᠢᠳᠠᠭ᠃ ᠡᠨᠡ ᠣᠨ ᠤ ᠬᠣᠷᠣᠭᠳᠠᠭᠰᠠᠨ ᠮᠠᠯ ᠢ ᠠᠩᠭᠢᠯᠠᠪᠠᠯ᠂ ᠢᠮᠠᠭ᠎ᠠ 12.3 ᠮᠢᠩᠭ᠎ᠠ᠂ ᠬᠣᠨᠢ 8.8 ᠮᠢᠩᠭ᠎ᠠ᠂ ᠦᠬᠡᠷ 2.9 ᠮᠢᠩᠭ᠎ᠠ᠂ ᠠᠳᠤᠭᠤ 1.7 ᠮᠢᠩᠭ᠎ᠠ ᠪᠠᠷ᠂ ᠲᠡᠮᠡᠭᠡ 25 ᠪᠠᠶᠢᠨ᠎ᠠ᠃ ᠮᠠᠯ ᠲᠣᠭᠠᠯᠠᠯᠭ᠎ᠠ ᠶᠢᠨ ᠤᠷᠢᠳᠴᠢᠯᠠᠭᠰᠠᠨ ᠳ᠋ᠦᠩ ᠢᠶᠡᠷ ᠮᠠᠨ ᠤ ᠤᠯᠤᠰ 66 ᠰᠠᠶ᠎ᠠ 400 ᠭᠠᠷᠤᠢ ᠮᠠᠯ ᠲᠤᠭᠠᠯᠠᠭᠤᠯᠵᠤ᠂ ᠬᠣᠨᠢ᠂ ᠲᠡᠮᠡᠭᠡ ᠥᠰᠴᠦ᠂ ᠠᠳᠤᠭᠤ ᠥᠩᠭᠡᠷᠡᠭᠰᠡᠨ ᠣᠨ ᠤ ᠲᠦᠪᠰᠢᠨ ᠳᠦ᠂ ᠬᠠᠷᠢᠨ ᠦᠬᠡᠷ᠂ ᠢᠮᠠᠭ᠎ᠠ ᠪᠠᠭᠠᠰᠤᠭᠰᠠᠨ ᠪᠠᠶᠢᠨ᠎ᠠ᠃ ᠲᠤᠬᠠᠶᠢᠯᠠᠪᠠᠯ᠂ ᠡᠨᠡ ᠣᠨ ᠳᠤ ᠬᠣᠨᠢ 30᠂ ᠢᠮᠠᠭ᠎ᠠ 27 ᠰᠠᠶ᠎ᠠ ᠪᠠᠶᠢᠭ᠎ᠠ ᠪᠣᠯ ᠠᠳᠤᠭᠤ ᠭᠤᠷᠪᠠ᠂ ᠦᠬᠡᠷ ᠳᠥᠷᠪᠡᠨ ᠰᠠᠶ᠎ᠠ ᠪᠠᠶᠢᠨ᠎ᠠ᠃