︽ᠬᠥᠮᠥᠨ ᠪᠢᠴᠢᠭ︾ ᠰᠣᠨᠢᠨ ᠢ ᠠᠩᠭᠢ ᠪᠠᠷ ᠢᠶᠠᠨ ᠵᠠᠬᠢᠶᠠᠯᠠᠵᠠᠢ | News.MN

︽ᠬᠥᠮᠥᠨ ᠪᠢᠴᠢᠭ︾ ᠰᠣᠨᠢᠨ ᠢ ᠠᠩᠭᠢ ᠪᠠᠷ ᠢᠶᠠᠨ ᠵᠠᠬᠢᠶᠠᠯᠠᠵᠠᠢ

ᠪᠠᠶᠠᠨ ᠦᠯᠦᠭᠡᠢ ᠠᠶᠢᠮᠠᠭ ᠤᠨ ᠥᠯᠥᠭᠡᠢ ᠰᠤᠮᠤ ᠶᠢᠨ ᠲᠠᠪᠤᠳᠤᠭᠠᠷ ᠪᠦᠷᠢᠨ ᠳᠤᠮᠳᠠ ᠰᠤᠷᠭᠠᠭᠤᠯᠢ ᠠᠴᠠ ᠡᠨᠡ ᠵᠢᠯ ᠳᠦ ᠨᠡᠶᠢᠲᠡ ᠳᠦ ᠪᠡᠨ 66 ᠰᠤᠷᠤᠭᠴᠢ  ︽ᠬᠥᠮᠥᠨ ᠪᠢᠴᠢᠭ ︾ ᠰᠣᠨᠢᠨ ᠢ ᠵᠠᠬᠢᠶᠠᠯᠠᠭᠰᠠᠨ ᠠᠴᠠ 10B ᠠᠩᠬᠢ ᠶᠢᠨ ᠰᠤᠷᠤᠭᠴᠢᠳ ᠠᠩᠭᠢ ᠪᠠᠷ ᠢᠶᠠᠨ 28 ᠰᠢᠷᠬᠡᠭ ᠢ ᠵᠠᠬᠢᠶᠠᠯᠠᠵᠠᠢ᠃ ᠲᠤᠰ ᠠᠩᠭᠢ ᠶᠢᠨ ᠬᠢᠨ ᠡᠨᠡ ᠬᠢᠴᠢᠶᠡᠯ ᠦᠨ ᠵᠢᠯ ᠳᠦ ᠡᠷᠡᠭᠦᠯ ᠪᠡᠶ᠎ᠡ ᠲᠡᠢ᠂ ᠡᠷᠳᠡᠮ ᠮᠡᠳᠡᠯᠭᠡ ᠲᠡᠢ᠂ ᠡᠶᠡᠷᠭᠦ ᠬᠠᠷᠢᠯᠴᠠᠭ᠎ᠠ ᠲᠠᠢ᠂ ᠡᠪᠰᠡᠭ ᠬᠠᠮᠲᠤ ᠣᠯᠠᠨ ᠪᠣᠯᠵᠤ ᠲᠥᠯᠥᠪᠰᠢᠬᠦ ᠶᠢᠨ ᠲᠤᠯᠠᠳᠠ ︽ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ︾ ᠭᠡᠰᠡᠨ ᠤᠷᠢᠶᠠᠨ ᠳᠣᠣᠷ᠎ᠠ ᠬᠢᠴᠢᠶᠡᠯᠯᠡᠵᠦ ᠪᠠᠶᠢᠭ᠎ᠠ ᠠᠵᠠᠢ ᠃ ᠲᠤᠬᠠᠢ ᠶᠢᠨ ᠠᠩᠭᠢ ᠨᠢ ᠰᠤᠷᠭᠠᠭᠤᠯᠢ ᠶᠢᠨ ᠦᠯᠢᠭᠡᠷ ᠵᠢᠱᠢᠶᠡᠴᠢ ᠬᠠᠮᠲᠤ ᠣᠯᠠᠨ ᠤ ᠨᠢᠭᠡ ᠪᠥᠭᠡᠳ ᠨᠡᠶᠢᠲᠡ 33 ᠰᠤᠷᠤᠭᠴᠢ ᠶᠢᠨ ᠨᠠᠢᠮᠠ ᠨᠢ ᠡᠷᠡᠭᠲᠡᠢ᠂ 25 ᠨᠢ ᠥᠬᠢᠳ ᠶᠤᠮ᠃
ᠠᠩᠬᠢ ᠶᠢᠨ ᠬᠡᠦᠬᠡᠳ ᠦᠳ ᠵᠢᠷᠭᠤᠳᠤᠭᠠᠷ ᠠᠩᠭᠢ ᠠᠴᠠ ᠪᠠᠨ ᠨᠣᠮ ᠲᠠᠢ ᠨᠥᠬᠥᠷᠯᠡᠵᠦ ᠠᠶᠢᠮᠠᠭ ᠤᠨ ᠨᠡᠶᠢᠲᠡ ᠶᠢᠨ ᠨᠣᠮ ᠤᠨ ᠰᠠᠩ ᠳᠤ ᠲᠣᠭᠲᠠᠮᠠᠯ ᠰᠠᠭᠤᠵᠤ ᠨᠣᠮ ᠤᠩᠰᠢᠵᠤ ᠬᠡᠪᠰᠢᠭᠰᠡᠨ ᠪᠥᠭᠡᠳ ᠨᠣᠮ ᠤᠨ ᠰᠠᠩ ᠠᠴᠠ ᠶᠠᠪᠤᠭᠤᠯᠤᠭᠰᠠᠨ ᠲᠥᠷᠥᠯ ᠪᠦᠷᠢ ᠶᠢᠨ ᠤᠷᠤᠯᠳᠤᠭᠠᠨ᠂ ᠲᠡᠮᠡᠴᠡᠭᠡᠨ ᠳᠦ ᠢᠳᠡᠪᠬᠢᠲᠡᠢ ᠣᠷᠣᠯᠴᠠᠳᠠᠭ ᠪᠠᠶᠢᠨ᠎ᠠ᠃ ᠮᠥᠨ 2015-2016 ᠣᠨ ᠤ ᠠᠶᠢᠮᠠᠭ ᠤᠨ ︽ᠲᠡᠷᠢᠭᠦᠨ ᠦ ᠤᠩᠰᠢᠭᠴᠢ︾ ᠬᠠᠮᠲᠤ ᠣᠯᠠᠨ ᠢᠶᠠᠷ ᠰᠢᠯᠭᠠᠷᠠᠭᠰᠠᠨ ᠠᠵᠤ᠃ ᠥᠩᠭᠡᠷᠡᠭᠰᠡᠨ ᠣᠨ ᠳᠤ ᠲᠤᠰ ᠠᠩᠬᠢ ᠶᠢᠨ ᠰᠤᠷᠤᠭᠴᠢ ᠵ∙ᠰᠠᠶ᠋ᠢᠵᠠᠨ ᠢ ᠠᠩᠭᠢ ᠤᠳᠤᠷᠢᠳᠤᠭᠰᠠᠨ ᠪᠠᠭᠰᠢ ᠬ∙ᠰᠠᠯᠲ᠋ᠠᠨᠠᠲ ᠮᠣᠩᠭᠣᠯ ᠪᠢᠴᠢᠭ ᠦᠨ ᠲᠡᠷᠢᠭᠦᠨ ᠦ ᠤᠩᠰᠢᠭᠴᠢ ᠰᠢᠯᠭᠠᠷᠠᠭᠤᠯᠬᠤ ︽ᠦᠨᠳᠦᠰᠦᠨ ᠦ ᠪᠢᠴᠢᠭ ᠰᠤᠶᠤᠯ︾ ᠤᠯᠤᠰ ᠤᠨ 13 ᠳ᠋ᠤᠭᠠᠷ ᠤᠷᠤᠯᠳᠤᠭᠠᠨ ᠳᠤ ᠥᠪᠡᠷ ᠢᠶᠡᠨ ᠪᠡᠯᠡᠳᠬᠡᠨ ᠣᠷᠤᠯᠴᠠᠭᠤᠯᠤᠭᠰᠠᠨ ᠪᠠ  ︽ᠤᠯᠤᠰ ᠤᠨ ᠲᠡᠷᠢᠭᠦᠨ ᠦ ᠤᠩᠰᠢᠭᠴᠢ︾᠍ ᠪᠠᠷ ᠰᠢᠯᠭᠠᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ