ᠮᠤᠩᠭᠤᠯ ᠪᠢᠴᠢᠭ ᠢ Windows ᠰᠢᠰᠲ᠋ᠧᠮ ᠳᠦ ᠲᠠᠲᠠᠬᠤ ᠪᠣᠯᠤᠮᠵᠢ ᠪᠦᠷᠢᠳᠦᠯ᠎ᠡ | News.MN

ᠮᠤᠩᠭᠤᠯ ᠪᠢᠴᠢᠭ ᠢ Windows ᠰᠢᠰᠲ᠋ᠧᠮ ᠳᠦ ᠲᠠᠲᠠᠬᠤ ᠪᠣᠯᠤᠮᠵᠢ ᠪᠦᠷᠢᠳᠦᠯ᠎ᠡ

ᠮᠣᠩᠭᠣᠯ ᠪᠢᠴᠢᠭ ᠢᠶᠡᠷ Mac ᠪᠣᠯᠤᠨ Windows ᠦᠢᠯᠡᠳᠦᠯ ᠦᠨ ᠰᠢᠰᠲ᠋ᠧᠮ ᠳᠦ ᠪᠢᠴᠢᠬᠦ ᠪᠣᠯᠤᠮᠵᠢ ᠶᠢ ᠪᠦᠷᠢᠳᠦᠭᠦᠯᠦᠭᠰᠡᠨ ᠪᠠᠶᠢᠨ᠎ᠠ᠃ ᠤᠭ ᠠᠵᠢᠯ ᠢ ᠪᠣᠯᠣᠷᠰᠣᠹᠲ ᠺᠣᠮᠫᠠᠨᠢ ᠳᠤ ᠲᠥᠪᠯᠡᠷᠡᠭᠰᠡᠨ ᠡᠷᠳᠡᠮᠲᠡᠳ ᠦᠨ ᠪᠠᠭ ᠬᠢᠵᠦ ᠭᠦᠢᠴᠡᠳᠭᠡᠵᠡᠢ᠃ ᠡᠨᠡ ᠬᠤᠪᠢᠯᠪᠤᠷᠢ ᠠᠴᠠ ᠭᠠᠳᠠᠨ᠎ᠠ ᠲ∙ᠳᠠᠰᠢᠼᠡᠳᠡᠨ ᠪᠠᠭᠰᠢ ᠶᠢᠨ ᠭᠠᠷ ᠪᠢᠴᠢᠮᠡᠯ ᠹᠣᠨᠲ ᠢ ᠡᠬᠡ ᠬᠡᠯᠡᠨ ᠦ ᠡᠳᠦᠷ ᠲᠣᠬᠢᠶᠠᠵᠤ ᠪᠤᠢ ᠲᠠᠢ ᠬᠣᠯᠪᠣᠭᠳᠠᠭᠤᠯᠤᠨ ᠥᠨᠥᠳᠥᠷ ᠲᠠᠨᠢᠯᠴᠠᠭᠤᠯᠤᠯ᠎ᠠ᠃ ᠭᠠᠷ ᠪᠢᠴᠢᠮᠡᠯ ᠹᠣᠨᠲ ᠲᠠᠢ ᠪᠣᠯᠤᠭᠰᠠᠨ ᠢᠶᠠᠷ ᠬᠡᠷᠡᠭᠯᠡᠭᠴᠢᠳ ᠤᠩᠰᠢᠬᠤ ᠳᠤ ᠢᠯᠡᠭᠦᠦ ᠣᠶᠢᠯᠠᠭᠠᠮᠵᠢᠲᠠᠢ ᠪᠣᠯᠤᠭᠰᠠᠨ ᠪᠠᠶᠢᠨ᠎ᠠ᠃ ᠮᠣᠩᠭᠣᠯ ᠪᠢᠴᠢᠭ ᠦᠨ ᠵᠠᠭᠪᠤᠷ ᠢ MNGL.net ᠰᠠᠶᠢᠲ ᠠᠴᠠ Windows᠂ Mac ᠍ ᠦᠨ ᠬᠤᠪᠢᠯᠪᠤᠷᠢ ᠪᠠᠷ ᠨᠡᠭᠡᠭᠡᠯᠲᠡ ᠲᠡᠢ ᠲᠠᠲᠠᠨ ᠠᠪᠬᠤ ᠪᠣᠯᠤᠮᠵᠢ ᠲᠠᠢ᠃ ᠲᠤᠩᠭᠠᠮᠠᠯ ᠵᠠᠭᠪᠤᠷ ᠪᠤᠶᠤ ᠮᠣᠩᠭᠣᠯ ᠪᠢᠴᠢᠭ ᠢᠶᠡᠷ ᠪᠢᠴᠢᠬᠦ ᠪᠣᠯᠤᠮᠵᠢ ᠶᠢ ᠪᠦᠷᠢᠳᠦᠭᠦᠯᠦᠭᠰᠡᠨ ᠢᠶᠡᠷ ᠠᠯᠢ ᠴᠤ ᠦᠢᠯᠡᠳᠦᠯ ᠦᠨ ᠰᠢᠰᠲ᠋ᠧᠮ ᠳᠦ ᠪᠢᠴᠢᠭᠰᠡᠨ ᠲᠧᠺᠰᠲ ᠦᠳ ᠢ ᠡᠨᠡ ᠬᠡᠯᠡ ᠤᠷᠤᠭᠤ ᠬᠥᠷᠪᠡᠭᠦᠯᠬᠦ ᠳᠠᠪᠠᠭᠤ ᠲᠠᠯ᠎ᠠ ᠲᠠᠢ ᠃ ᠡᠮᠦᠨ᠎ᠡ ᠨᠢ Mac ᠰᠢᠰᠲ᠋ᠧᠮ ᠦᠨ ᠭᠠᠷ ᠺᠤᠳ᠋ᠴᠢᠯᠠᠯ ᠂ ᠹᠣᠨᠲ ᠨᠢ Windows ᠦᠢᠯᠡᠳᠦᠯ ᠦᠨ ᠰᠢᠰᠲ᠋ᠧᠮ ᠲᠡᠢ ᠵᠥᠷᠢᠳᠡᠭ ᠪᠠᠶᠢᠭᠰᠠᠨ᠃ ᠲᠡᠶᠢᠮᠦ ᠡᠴᠡ ᠲᠧᠺᠰᠲ ᠢ ᠬᠥᠷᠪᠡᠭᠦᠯᠬᠦ ᠳᠦ ᠠᠯᠳᠠᠭ᠎ᠠ ᠭᠠᠷᠳᠠᠭ ᠪᠠᠶᠢᠪᠠ᠃ ᠬᠠᠷᠢᠨ ᠣᠳᠣ  ︽ᠲᠤᠩᠭᠠᠮᠠᠯ︾ ᠵᠠᠭᠪᠤᠷ ᠢ ᠠᠰᠢᠭᠯᠠᠨ ᠭᠠᠷᠭᠠᠭᠰᠠᠨ ᠭᠠᠷ᠂ ᠹᠣᠨᠲ ᠤᠳ ᠢ ᠬᠡᠷᠡᠭᠯᠡᠭᠰᠡᠨ ᠢᠶᠡᠷ ᠡᠪᠳᠡᠷᠡᠯ ᠦᠭᠡᠢ ᠪᠡᠷ ᠬᠠᠷᠠᠬᠤ ᠪᠣᠯᠤᠮᠵᠢ ᠡᠭᠦᠰᠴᠦ ᠪᠠᠶᠢᠭ᠎ᠠ ᠶᠤᠮ ᠭᠡᠵᠦ ᠪᠣᠯᠣᠷᠰᠣᠹᠲ ᠺᠣᠮᠫᠠᠨᠢ ᠶᠢᠨ ᠭᠦᠢᠴᠡᠳᠭᠡᠬᠦ ᠵᠠᠬᠢᠷᠤᠯ ᠴ᠂ ᠮᠦᠩᠬᠡᠨᠡᠷᠡᠨ ᠬᠡᠯᠡᠯ᠎ᠡ᠃ ᠲᠤᠩᠭᠠᠮᠠᠯ ᠵᠠᠭᠪᠤᠷ ᠤᠨ ᠹᠣᠨᠲ ᠢ ᠲ∙ᠵᠠᠮᠢᠶᠠᠨᠰᠦ᠋ᠷᠦᠩ ᠪᠦᠲᠦᠭᠡᠭᠰᠡᠨ ᠠᠵᠠᠢ᠃

ᠰᠡᠳᠬᠢᠭᠳᠡᠯ ᠦᠯᠡᠳᠡᠭᠡᠬᠦ