ᠣ᠊∙ᠡᠩᠬᠡ-ᠡᠷᠳᠡᠨᠢ ᠡᠨᠡᠳᠬᠡᠭ ᠤᠨ ᠲᠡᠭᠦᠯᠳᠡᠷ ᠬᠤᠭᠤᠷᠴᠢ ᠲᠠᠢ ᠥᠷᠢᠰᠦᠯᠳᠦᠯ᠎ᠡ | News.MN

ᠣ᠊∙ᠡᠩᠬᠡ-ᠡᠷᠳᠡᠨᠢ ᠡᠨᠡᠳᠬᠡᠭ ᠤᠨ ᠲᠡᠭᠦᠯᠳᠡᠷ ᠬᠤᠭᠤᠷᠴᠢ ᠲᠠᠢ ᠥᠷᠢᠰᠦᠯᠳᠦᠯ᠎ᠡ

ᠠᠮᠧᠷᠢᠺᠠ ᠶᠢᠨ CBS ᠲᠸᠯᠸᠢᠰ ᠡᠴᠡ ᠵᠣᠬᠢᠶᠠᠨ ᠪᠠᠶᠢᠭᠤᠯᠵᠤ ᠪᠤᠢ The world’s best ᠱᠤᠸᠤ᠋ ᠶᠢᠨ ᠬᠣᠶᠠᠳᠤᠭᠠᠷ ᠱᠠᠲᠤᠨ ᠳᠤ ᠰᠢᠯᠢᠳᠡᠭ 13 ᠣᠷᠣᠯᠴᠠᠭᠴᠢ ᠶᠢᠨ ᠨᠢᠭᠡ ᠪᠡᠷ ︽ᠠᠪᠢᠶᠠᠰᠯᠢᠭ ᠮᠣᠩᠭᠣᠯᠴᠤᠳ︾  ᠱᠤᠸᠤ᠋ ᠶᠢᠨ ᠢᠯᠠᠭᠴᠢ ᠣ᠊∙ᠡᠩᠬᠡ-ᠡᠷᠳᠡᠨᠢ ᠰᠢᠯᠭᠠᠷᠠᠭᠠᠳ ᠪᠠᠶᠢᠪᠠ᠃ ᠲᠤᠩ ᠰᠠᠶ᠋ᠢᠬᠠᠨ ᠲᠤᠰ ᠱᠤᠸᠤ᠋ ᠨᠡᠪᠲᠡᠷᠡᠭᠦᠯᠭᠡ ᠶᠢᠨ ᠳᠠᠷᠠᠭ᠎ᠠ ᠶᠢᠨ ᠱᠠᠲᠤᠨ ᠤ ᠰᠢᠯᠭᠠᠷᠠᠭᠤᠯᠤᠯᠲᠠ ᠶᠠᠪᠤᠭᠳᠠᠵᠤ ᠣ᠊∙ᠡᠩᠬᠡ-ᠡᠷᠳᠡᠨᠢ ᠡᠨᠡᠳᠬᠡᠭ ᠤᠯᠤᠰ ᠤᠨ 11 ᠨᠠᠰᠤᠲᠠᠢ ᠲᠡᠭᠦᠯᠳᠡᠷ ᠬᠤᠭᠤᠷᠴᠢ ᠯᠢᠳᠢᠶᠠᠨ ᠨᠠᠳᠬᠠᠰᠸᠠᠷᠠᠮ ᠲᠠᠢ ᠥᠷᠢᠰᠦᠯᠳᠦᠭᠰᠡᠨ ᠪᠣᠯᠪᠠᠴᠤ 10  ᠤᠨᠤᠭᠤ ᠶᠢᠨ ᠵᠦᠷᠢᠶ᠎ᠡ ᠪᠡᠷ ᠢᠯᠠᠭᠳᠠᠯ᠎ᠠ᠃ ᠰᠣᠨᠢᠷᠬᠠᠭᠤᠯᠬᠤ ᠳᠤ ᠤᠭ ᠨᠡᠪᠲᠡᠷᠡᠭᠦᠯᠭᠡ ᠶᠢᠨ ᠰᠢᠭᠦᠭᠴᠢᠳ ᠳᠤᠮᠳᠠ ᠳᠡᠯᠡᠬᠡᠢ ᠳᠦ ᠠᠯᠳᠠᠷᠲᠠᠢ UFC ᠲᠤᠯᠤᠭᠠᠨᠴᠢ᠂ ᠵᠠᠭᠪᠤᠷ ᠡᠮᠦᠰᠦᠭᠴᠢ᠂ ᠵᠦᠴᠦᠭᠡᠴᠢᠨ᠂ ᠳᠠᠭᠤᠴᠢᠨ᠂ ᠪᠠᠯᠧᠲᠴᠢᠨ ᠵᠡᠷᠭᠡ ᠤᠷᠠᠯᠢᠭ᠂ ᠰᠫᠣᠷᠲ ᠤᠨ ᠰᠠᠯᠪᠤᠷᠢ ᠶᠢᠨ ᠲᠥᠯᠥᠭᠡᠯᠡᠯ ᠦᠳ ᠪᠠᠭᠲᠠᠭᠰᠠᠨ᠃ ᠣᠯᠠᠨ ᠤᠯᠤᠰ ᠤᠨ 50 ᠰᠢᠭᠦᠭᠴᠢ ᠶᠢᠨ ᠨᠢᠭᠡ ᠪᠡᠷ ᠷᠧᠶᠢᠫᠧᠷ᠂ ᠫᠷᠣᠳᠢᠶᠦ᠋ᠰᠧᠷ ᠣ᠊∙ᠪᠠᠶᠠᠷᠰᠠᠶᠢᠬᠠᠨ ᠪᠤᠶᠤ ᠷᠣᠺᠢᠲ ᠪᠡᠢ ᠠᠵᠢᠯᠯᠠᠭᠰᠠᠨ ᠶᠤᠮ᠃ ᠤᠭ ᠱᠤᠸᠤ᠋ ᠨᠡᠪᠲᠡᠷᠡᠭᠦᠯᠭᠡ ᠶᠢᠨ ᠰᠢᠯᠢᠳᠡᠭ ᠠᠪᠢᠶᠠᠰᠲᠠᠨ ᠨᠢᠭᠡ ᠰᠠᠶ᠎ᠠ ᠳ᠋ᠣᠯᠯᠠᠷ ᠤᠨ ᠡᠵᠡᠨ ᠪᠣᠯᠬᠤ ᠠᠵᠠᠢ ᠃

ᠰᠡᠳᠬᠢᠭᠳᠡᠯ ᠦᠯᠡᠳᠡᠭᠡᠬᠦ