ᠫ∙ᠣᠷᠬᠣᠨ ᠤ ᠡᠷᠬᠡ ᠶᠢ ᠳᠥᠷᠪᠡᠨ ᠵᠢᠯ ᠢᠶᠡᠷ ᠬᠠᠰᠤᠵᠠᠢ | News.MN

ᠫ∙ᠣᠷᠬᠣᠨ ᠤ ᠡᠷᠬᠡ ᠶᠢ ᠳᠥᠷᠪᠡᠨ ᠵᠢᠯ ᠢᠶᠡᠷ ᠬᠠᠰᠤᠵᠠᠢ

ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ᠂ ᠭᠠᠪᠢᠶᠠᠲᠤ ᠲᠠᠮᠢᠷᠴᠢᠨ ᠫ∙ᠣᠷᠬᠣᠨ ᠢ ︽ᠵᠠᠺᠠᠷᠲ᠋ᠠ-2018︾ ᠠᠽᠢᠶ᠎ᠠ ᠶᠢᠨ ᠵᠤᠨ ᠤ ᠨᠠᠭᠠᠳᠤᠮ ᠤᠨ ᠴᠢᠯᠦᠭᠡᠲᠦ ᠪᠥᠬᠡ ᠶᠢᠨ 62 ᠺᠢᠯᠦᠭᠷᠡᠮ ᠤᠨ ᠵᠢᠩ ᠳᠦ ᠲᠦᠷᠦᠭᠦᠯᠡᠭᠰᠡᠨ ᠦ ᠳᠠᠷᠠᠭ᠎ᠠ ᠬᠤᠷᠢᠭᠠᠲᠠᠢ ᠪᠣᠳᠠᠰ ᠢᠯᠡᠷᠡᠭᠰᠡᠨ ᠲᠤᠯᠠ ᠡᠷᠬᠡ ᠶᠢ ᠳᠦᠲᠡᠭᠡᠯᠵᠡᠭᠦᠯᠬᠦ ᠠᠰᠠᠭᠤᠳᠠᠯ ᠶᠠᠷᠢᠭᠳᠠᠭᠠᠳ ᠪᠠᠶᠢᠭᠰᠠᠨ᠃ ᠳᠡᠯᠡᠬᠡᠢ ᠶᠢᠨ ᠪᠥᠬᠡ ᠶᠢᠨ ᠨᠢᠭᠡᠳᠦᠭᠰᠡᠨ ᠬᠣᠯᠪᠣᠭ᠎ᠠ ᠡᠨᠡ ᠠᠰᠠᠭᠤᠳᠠᠯ ᠢ  ᠤᠳᠠᠲᠠᠯ᠎ᠠ ᠶᠠᠷᠢᠯᠴᠠᠭᠰᠠᠨ ᠤ ᠡᠴᠦᠰ ᠲᠦ ᠥᠴᠥᠭᠡᠳᠦᠷ ᠰᠢᠢᠳᠪᠦᠷᠢ ᠪᠡᠨ ᠥᠪᠡᠷ ᠦᠨ ᠠᠯᠪᠠᠨ ᠶᠣᠰᠣᠨ ᠤ  ᠰᠠᠶᠢᠲ ᠳᠡᠭᠡᠷ᠎ᠡ ᠪᠡᠨ ᠪᠠᠶᠢᠷᠢᠰᠢᠭᠤᠯᠵᠠᠢ᠃ ᠢᠩᠭᠢᠭᠰᠡᠨ ᠢᠶᠡᠷ ᠫᠦᠷᠪᠦᠳᠣᠷᠵᠢ ᠶᠢᠨ ᠣᠷᠬᠣᠨ ᠤ ᠪᠠᠷᠢᠯᠳᠤᠬᠤ ᠡᠷᠬᠡ ᠶᠢ ᠳᠥᠷᠪᠡᠨ ᠵᠢᠯ ᠢᠶᠡᠷ ᠪᠤᠶᠤ 2022 ᠣᠨ ᠤ ᠶᠢᠰᠦᠳᠦᠭᠡᠷ ᠰᠠᠷ᠎ᠠ ᠶᠢᠨ 16 ᠬᠦᠷᠲᠡᠯ᠎ᠡ ᠬᠠᠰᠤᠵᠤ ᠂ ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭ᠎ᠠ ᠶᠢ 20 ᠮᠢᠩᠭᠠᠨ ᠰᠸᠢᠰ ᠹᠷᠠᠩᠺ ᠢᠶᠠᠷ ᠲᠤᠷᠭᠠᠵᠤ ᠪᠠᠶᠢᠭ᠎ᠠ ᠭᠡᠪᠡ ᠃
ᠡᠨᠡ ᠲᠠᠯ᠎ᠠ ᠪᠠᠷ ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭ᠎ᠠ ᠶᠠᠮᠠᠷ ᠨᠢᠭᠡᠨ ᠠᠯᠪᠠᠨ ᠶᠣᠰᠣᠨ ᠤ ᠲᠠᠶᠢᠯᠪᠤᠷᠢ᠂ ᠮᠡᠳᠡᠭᠡᠯᠡᠯ ᠬᠢᠭᠡ ᠦᠭᠡᠢ ᠪᠠᠶᠢᠨ᠎ᠠ᠃

ᠰᠡᠳᠬᠢᠭᠳᠡᠯ ᠦᠯᠡᠳᠡᠭᠡᠬᠦ