ᠡᠷᠴᠢᠮ ᠬᠦᠴᠦᠨ ᠦ ᠢᠮᠫᠣᠷᠲ ᠪᠠᠭᠤᠷᠠᠭᠰᠠᠨ ᠪᠠᠶᠢᠨ᠎ᠠ᠃ ᠲᠣᠳᠣᠷᠠᠭᠤᠯᠪᠠᠯ᠂ ᠥᠩᠭᠡᠷᠡᠭᠰᠡᠨ ᠰᠠᠷ᠎ᠠ ᠳᠤ ᠮᠠᠨ ᠤ ᠤᠯᠤᠰ ᠣᠷᠣᠰ ᠠᠴᠠ ᠢᠮᠫᠣᠷᠲ ᠢᠶᠠᠷ 15 ᠰᠠᠶ᠎ᠠ ᠺᠢᠯᠤᠸᠠᠲ ᠴᠠᠭ ᠡᠷᠴᠢᠮ ᠬᠦᠴᠦ ᠢᠮᠫᠣᠷᠲᠯᠠᠵᠠᠢ᠃ ᠡᠨᠡ ᠨᠢ ᠲᠥᠯᠦᠪᠯᠡᠭᠡᠨ ᠡᠴᠡ 17.5 ᠰᠠᠶ᠎ᠠ ᠺᠢᠯᠤᠸᠠᠲ ᠴᠠᠭ ᠢᠶᠠᠷ᠂ ᠥᠩᠭᠡᠷᠡᠭᠰᠡᠨ ᠣᠨ ᠤ ᠮᠥᠨ ᠦᠶ᠎ᠡ ᠡᠴᠡ 1.2 ᠰᠠᠶ᠎ᠠ ᠺᠢᠯᠤᠸᠠᠲ ᠴᠠᠭ ᠢᠶᠠᠷ ᠪᠠᠭᠤᠷᠠᠭᠰᠠᠨ ᠦᠵᠡᠭᠦᠯᠦᠯᠲᠡ ᠶᠤᠮ᠃ ᠰᠢᠰᠲ᠋ᠧᠮ ᠦᠨ ᠨᠡᠶᠢᠲᠡ ᠬᠡᠷᠡᠭᠯᠡᠭᠡᠨ ᠦ ᠲᠤᠬᠠᠢ ᠮᠡᠳᠡᠭᠡᠯᠡᠯ ᠬᠦᠷᠭᠡᠬᠦ ᠳᠦ ᠥᠩᠭᠡᠷᠡᠭᠰᠡᠨ ᠰᠠᠷ᠎ᠠ ᠳᠤ ᠪᠣᠯᠪᠠᠰᠤᠷᠠᠭᠤᠯᠤᠯᠲᠠ 681.3 ᠰᠠᠶ᠎ᠠ ᠺᠢᠯᠤᠸᠠᠲ ᠴᠠᠭ ᠪᠠᠶᠢᠵᠠᠢ᠃ ᠬᠠᠷᠢᠨ ᠳᠣᠲᠣᠭᠠᠳᠤ ᠶᠢᠨ ᠦᠢᠯᠡᠳᠪᠤᠷᠢᠯᠡᠯ ᠢᠶᠠᠷ ᠬᠡᠷᠡᠭᠯᠡᠭᠴᠢᠳ ᠲᠦ 577.1 ᠰᠠᠶ᠎ᠠ ᠺᠢᠯᠤᠸᠠᠲ ᠴᠠᠭ ᠡᠷᠴᠢᠮ ᠬᠦᠴᠦ ᠲᠦᠭᠡᠭᠡᠵᠦ᠂ ᠲᠥᠯᠦᠪᠯᠡᠭᠡᠨ ᠡᠴᠡ 10.9 ᠰᠠᠶ᠎ᠠ ᠺᠢᠯᠤᠸᠠᠲ ᠴᠠᠭ ᠢᠶᠠᠷ᠂ ᠥᠩᠭᠡᠷᠡᠭᠰᠡᠨ ᠣᠨ ᠤ ᠮᠥᠨ ᠦᠶ᠎ᠡ ᠡᠴᠡ 30.7 ᠺᠢᠯᠤᠸᠠᠲ ᠴᠠᠭ ᠢᠶᠠᠷ ᠳᠠᠪᠠᠵᠠᠢ᠃ ᠡᠨᠡᠬᠦ ᠬᠠᠷᠢᠴᠠᠭᠠᠨ ᠠᠴᠠ ᠬᠠᠷᠠᠬᠤ ᠳᠤ ᠵᠢᠯ ᠪᠦᠷᠢ ᠥᠰᠦᠨ ᠨᠡᠮᠡᠭᠳᠡᠵᠦ ᠪᠤᠢ ᠡᠷᠴᠢᠮ ᠬᠦᠴᠦᠨ ᠦ ᠬᠡᠷᠡᠭᠯᠡᠭᠡ ᠪᠡᠨ ᠪᠢᠳᠡ ᠳᠣᠲᠣᠭᠠᠳᠤ ᠶᠢᠨ ᠦᠢᠯᠡᠳᠪᠦᠷᠢᠯᠡᠯ ᠢᠶᠡᠷ ᠬᠠᠩᠭᠠᠬᠤ ᠨᠢ ᠶᠡᠬᠡᠰᠴᠦ᠂ ᠢᠮᠫᠣᠷᠲ ᠤᠨ ᠬᠢ ᠪᠠᠭᠠᠰᠴᠤ ᠪᠠᠶᠢᠭ᠎ᠠ ᠠᠵᠠᠢ᠃ ᠭᠡᠰᠡᠨ ᠬᠡᠳᠦᠢ ᠴᠤ ᠮᠠᠨ ᠤ ᠤᠯᠤᠰ ᠤᠨ ᠡᠷᠴᠢᠮ ᠬᠦᠴᠦᠨ ᠦ ᠰᠢᠰᠲ᠋ᠧᠮ ᠲᠣᠭᠲᠠᠪᠤᠷᠢᠲᠠᠢ᠂ ᠨᠠᠶᠢᠳᠠᠪᠤᠷᠢᠲᠠᠢ ᠪᠢᠰᠢ ᠭᠡᠳᠡᠭ ᠢ ᠥᠩᠭᠡᠷᠡᠭᠰᠡᠨ ᠣᠨ ᠳᠤ ᠭᠠᠷᠤᠭᠰᠠᠨ ᠠᠰᠠᠭᠤᠳᠠᠯ ᠤᠳ ᠠᠴᠠ ᠬᠠᠷᠠᠵᠤ ᠪᠣᠯᠬᠤ ᠶᠤᠮ᠃