ᠰᠢᠨ᠎ᠡ ᠨᠢᠰᠬᠦ ᠪᠠᠭᠤᠳᠠᠯ ᠢ 10 ᠳ᠋ᠤᠭᠠᠷ ᠰᠠᠷ᠎ᠠ ᠠᠴᠠ ᠠᠰᠢᠭᠯᠠᠨ᠎ᠠ | News.MN

ᠰᠢᠨ᠎ᠡ ᠨᠢᠰᠬᠦ ᠪᠠᠭᠤᠳᠠᠯ ᠢ 10 ᠳ᠋ᠤᠭᠠᠷ ᠰᠠᠷ᠎ᠠ ᠠᠴᠠ ᠠᠰᠢᠭᠯᠠᠨ᠎ᠠ

ᠮᠠᠨ ᠤ ᠤᠯᠤᠰ ᠡᠨᠡ ᠣᠨ ᠠᠴᠠ ᠰᠢᠨ᠎ᠡ ᠨᠢᠰᠬᠦ ᠪᠠᠭᠤᠳᠠᠯ ᠢᠶᠠᠨ ᠠᠰᠢᠭᠯᠠᠵᠤ ᠡᠬᠢᠯᠡᠨ᠎ᠡ᠃ ᠬᠦᠰᠢᠭᠡ ᠶᠢᠨ ᠬᠥᠨᠳᠡᠢ ᠳᠦ ᠪᠠᠷᠢᠭᠳᠠᠭᠰᠠᠨ ᠨᠢᠰᠬᠦ ᠪᠠᠭᠤᠳᠠᠯ ᠢ ᠳᠣᠯᠣᠳᠤᠭᠠᠷ ᠰᠠᠷ᠎ᠠ ᠠᠴᠠ ᠲᠤᠷᠰᠢᠯᠲᠠ ᠪᠠᠷ᠂ 10 ᠳ᠋ᠤᠭᠠᠷ ᠰᠠᠷ᠎ᠠ ᠠᠴᠠ ᠪᠦᠷᠢᠨ ᠬᠦᠴᠦᠨ ᠴᠢᠳᠠᠯ ᠢᠶᠠᠷ ᠠᠰᠢᠭᠯᠠᠬᠤ ᠲᠠᠯ᠎ᠠ ᠪᠠᠷ ᠵᠠᠮ ᠲᠡᠭᠡᠭᠡᠪᠦᠷᠢ ᠬᠦᠭᠵᠢᠯ ᠦᠨ ᠶᠠᠮᠤᠨ ᠠᠴᠠ ᠮᠡᠳᠡᠭᠡᠯᠡᠵᠦ ᠪᠠᠶᠢᠨ᠎ᠠ᠃ ᠰᠢᠨ᠎ᠡ ᠪᠠᠭᠤᠳᠠᠯ ᠢ ᠠᠰᠢᠭᠯᠠᠬᠤ ᠲᠠᠢ ᠬᠣᠯᠪᠣᠭᠠᠲᠠᠢ ᠪᠠᠷ ᠠᠭᠠᠷ ᠤᠨ ᠵᠣᠬᠢᠴᠠᠭᠤᠯᠤᠭᠴᠢ᠂ ᠨᠢᠰᠦᠯᠭᠡ ᠬᠥᠳᠡᠯᠭᠡᠭᠡᠨ ᠦ ᠤᠳᠤᠷᠢᠳᠤᠭᠴᠢ᠂ ᠣᠩᠭᠣᠴᠠᠨ ᠤ ᠨᠢᠰᠬᠡᠭᠴᠢ ᠵᠡᠷᠭᠡ ᠨᠠᠷᠢᠨ ᠮᠡᠷᠭᠡᠵᠢᠯ ᠦᠨ ᠪᠣᠯᠪᠠᠰᠤᠨ ᠬᠦᠴᠦᠨ ᠳᠤᠲᠠᠮᠠᠭ  ᠪᠠᠶᠢᠭ᠎ᠠ ᠲᠠᠯ᠎ᠠ ᠪᠠᠷ ᠰᠢᠨ᠎ᠡ ᠪᠡᠷ ᠲᠣᠮᠢᠯᠠᠭᠳᠠᠭᠰᠠᠨ  ᠶᠠᠮᠤᠨ ᠤ ᠰᠠᠶᠢᠳ ᠪ∙ᠡᠩᠬᠡ-ᠠᠮᠤᠭᠤᠯᠠᠩ ᠢᠷᠭᠡᠨ ᠦ ᠨᠢᠰᠬᠦ ᠶᠢᠨ ᠶᠡᠷᠦᠩᠬᠡᠢ ᠭᠠᠵᠠᠷ᠂ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠵᠡᠷᠭᠡ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠲᠠᠢ ᠲᠠᠨᠢᠯᠴᠠᠬᠤ ᠦᠶ᠎ᠡ ᠪᠡᠷ ᠳᠤᠷᠠᠳᠤᠭᠰᠠᠨ ᠶᠤᠮ᠃

ᠨᠢᠭᠡ ᠨᠢᠰᠬᠡᠭᠴᠢ ᠶᠢ ᠪᠠᠺᠠᠯᠠᠸᠠᠷ ᠤᠨ ᠲᠦᠪᠰᠢᠨ ᠳᠦ ᠪᠡᠯᠡᠳᠬᠡᠬᠦ ᠳᠦ 140 ᠮᠢᠩᠭᠠᠨ ᠳ᠋ᠣᠯᠯᠠᠷ ᠱᠠᠭᠠᠷᠳᠠᠯᠭ᠎ᠠ ᠲᠠᠢ ᠪᠠᠶᠢᠳᠠᠭ ᠪᠣᠯ ᠢᠨᠵᠧᠨᠧᠷ ᠢ 80-100 ᠮᠢᠩᠭᠠᠨ ᠳ᠋ᠣᠯᠯᠠᠷ ᠢᠶᠠᠷ ᠪᠡᠯᠡᠳᠬᠡᠳᠡᠭ ᠪᠠᠶᠢᠨ᠎ᠠ᠃ ᠴᠢᠨᠠᠭᠰᠢᠳᠠ ᠱᠠᠭᠠᠷᠳᠠᠯᠭ᠎ᠠ ᠲᠠᠢ ᠪᠣᠯᠪᠠᠰᠤᠨ ᠬᠦᠴᠦᠨ  ᠪᠡᠯᠡᠳᠬᠡᠬᠦ ᠳᠦ ᠨᠢᠰᠬᠦ ᠬᠦᠴᠦᠨ ᠦ ᠰᠤᠷᠭᠠᠭᠤᠯᠢ ᠨᠤᠭᠤᠳ ᠲᠠᠢ ᠬᠠᠮᠲᠤᠷᠠᠨ ᠣᠳᠣ ᠠᠰᠢᠭᠯᠠᠵᠤ ᠪᠠᠶᠢᠭ᠎ᠠ ︽ᠴᠢᠩᠭᠢᠰ ᠬᠠᠭᠠᠨ︾ ᠨᠢᠰᠬᠦ ᠪᠠᠭᠤᠳᠠᠯ ᠢ ᠣᠯᠠᠨ ᠤᠯᠤᠰ ᠤᠨ ᠰᠤᠷᠭᠠᠯᠲᠠ᠂ ᠳᠠᠳᠤᠯᠭ᠎ᠠ ᠶᠢᠨ ᠪᠠᠭᠠᠽ ᠪᠣᠯᠭᠠᠨ ᠠᠰᠢᠭᠯᠠᠬᠤ ᠬᠡᠷᠡᠭᠲᠡᠢ᠃ ᠢᠩᠭᠢᠭᠰᠡᠨ ᠢᠶᠡᠷ ᠪᠣᠯᠪᠠᠰᠤᠨ ᠬᠦᠴᠦᠨ ᠢᠶᠡᠨ ᠭᠠᠳᠠᠭᠠᠳᠤ ᠶᠢᠨ ᠶᠡᠬᠡ ᠳᠡᠭᠡᠳᠦ ᠰᠤᠷᠭᠠᠭᠤᠯᠢ ᠨᠤᠭᠤᠳ ᠲᠠᠢ ᠬᠠᠮᠲᠤᠷᠠᠨ ᠪᠡᠯᠡᠳᠬᠦ ᠪᠣᠯᠤᠮᠵᠢ ᠪᠥᠷᠢᠳᠦᠨ᠎ᠡ ᠭᠡᠵᠦ ᠢᠷᠭᠡᠨ ᠦ ᠨᠢᠰᠬᠦ ᠶᠢᠨ ᠶᠡᠷᠦᠩᠬᠡᠢ ᠭᠠᠵᠠᠷ ᠪᠣᠯᠤᠨ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠺᠤᠮᠫᠠᠨᠢ ᠶᠢᠨ ᠤᠳᠤᠷᠢᠳᠤᠯᠭ᠎ᠠ ᠦᠵᠡᠵᠦ ᠪᠠᠶᠢᠨ᠎ᠠ᠃
ᠵᠠᠮ ᠲᠡᠭᠡᠭᠡᠪᠤᠷᠢ ᠶᠢᠨ ᠰᠠᠶᠢᠳ᠄ ︽ᠴᠢᠩᠭᠢᠰ ᠬᠠᠭᠠᠨ︾ ᠨᠢᠰᠬᠦ ᠪᠠᠭᠤᠳᠠᠯ ᠢ ᠴᠢᠨᠠᠭᠰᠢᠳᠠ ᠣᠷᠣᠨ ᠨᠤᠲᠤᠭ ᠤᠨ ᠨᠢᠰᠦᠯᠭᠡ ᠬᠦᠭᠡᠷᠭᠡᠬᠦ ᠂ ᠬᠦᠯᠢᠶᠡᠨ ᠠᠪᠬᠤ᠂ ᠣᠯᠠᠨ ᠤᠯᠤᠰ ᠤᠨ ᠰᠤᠷᠭᠠᠯᠲᠠ ᠳᠠᠳᠤᠯᠭ᠎ᠠ᠂ ᠠᠭᠠᠷ ᠤᠨ ᠬᠥᠯᠭᠡ ᠶᠢᠨ ᠵᠠᠰᠠᠪᠤᠷᠢ ᠦᠢᠯᠡᠴᠢᠯᠡᠭᠡᠨ ᠦ ᠪᠠᠭᠠᠽ ᠪᠣᠯᠭᠠᠨ ᠠᠰᠢᠭᠯᠠᠬᠤ ᠨᠢ ᠵᠦᠢᠲᠡᠢ᠃ ᠵᠠᠷᠢᠮ ᠣᠷᠣᠨ ᠨᠤᠲᠤᠭ ᠲᠤ ᠣᠯᠠᠨ ᠤᠯᠤᠰ ᠤᠨ ᠵᠡᠷᠭᠡᠯᠡᠯ ᠲᠡᠢ ᠨᠢᠰᠬᠦ ᠪᠠᠭᠤᠳᠠᠯ ᠪᠠᠶᠢᠬᠤ ᠱᠠᠭᠠᠷᠳᠠᠯᠭ᠎ᠠ ᠲᠠᠢ ᠭᠡᠪᠡ ᠃ ᠲᠡᠷᠡ ᠪᠡᠷ᠂ ᠢᠷᠭᠡᠨ ᠦ ᠠᠭᠠᠷ ᠤᠨ ᠲᠡᠭᠡᠭᠡᠪᠦᠷᠢ ᠶᠢᠨ ᠰᠠᠯᠪᠤᠷᠢ ᠳᠤ ᠦᠢᠯᠡᠴᠢᠯᠡᠭᠡ ᠡᠷᠬᠢᠯᠡᠵᠦ ᠪᠠᠶᠢᠭ᠎ᠠ ᠲᠥᠷᠥ  ᠪᠣᠯᠤᠨ ᠬᠤᠪᠢ ᠶᠢᠨ ᠬᠡᠪᠰᠢᠯ ᠦᠨ  ᠬᠢᠨ ᠳᠦ ᠲᠡᠭᠰᠢ ᠪᠣᠯᠤᠮᠵᠢ ᠶᠢ ᠣᠯᠭᠤᠵᠤ ᠥᠷᠢᠰᠦᠯᠳᠦᠭᠦᠯᠬᠦ ᠵᠠᠷᠴᠢᠮ ᠢ ᠪᠠᠷᠢᠮᠲᠠᠯᠠᠵᠤ ᠪᠠᠶᠢᠭ᠎ᠠ ᠪᠠᠨ ᠬᠡᠯᠡᠭᠰᠡᠨ ᠶᠤᠮ᠃ ᠣᠳᠣ ᠪᠠᠷ ᠮᠠᠨ ᠤ ᠤᠯᠤᠰ ᠠᠴᠠ ᠢᠷᠭᠡᠨ ᠦ ᠠᠭᠠᠷ ᠤᠨ ᠲᠡᠭᠡᠭᠡᠪᠦᠷᠢ ᠶᠢᠨ ᠴᠢᠭᠯᠡᠯ ᠢᠶᠡᠷ 60 ᠭᠠᠷᠤᠢ ᠣᠶᠤᠲᠠᠨ ᠣᠷᠣᠰ᠂ ᠠᠮᠧᠷᠢᠺᠠ᠂ ᠺᠠᠨᠠᠳᠠ᠂ ᠲᠠᠶᠢᠯᠠᠨᠳ᠋᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ  ᠰᠤᠷᠤᠯᠴᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ