ᠼᠢᠷᠺᠴᠢᠳ ᠣᠯᠠᠨ ᠤᠯᠤᠰ ᠤᠨ ᠲᠡᠮᠡᠴᠡᠭᠡᠨ ᠡᠴᠡ ᠠᠯᠲᠠᠨ ᠴᠣᠮᠣ ᠬᠦᠷᠲᠡᠯ᠎ᠡ | News.MN

ᠼᠢᠷᠺᠴᠢᠳ ᠣᠯᠠᠨ ᠤᠯᠤᠰ ᠤᠨ ᠲᠡᠮᠡᠴᠡᠭᠡᠨ ᠡᠴᠡ ᠠᠯᠲᠠᠨ ᠴᠣᠮᠣ ᠬᠦᠷᠲᠡᠯ᠎ᠡ

ᠮᠣᠩᠭᠣᠯ ᠤᠨ ᠼᠢᠷᠺ ᠦᠨ ᠬᠥᠭᠵᠢᠯ ᠦᠨ ᠲᠥᠪ ᠦᠨ ᠵᠦᠴᠦᠭᠡᠴᠢᠳ ᠥᠴᠥᠭᠡᠳᠦᠷ ︵2019.02.19︶ ᠢᠰᠫᠠᠨᠢ ᠤᠯᠤᠰ  ᠲᠦ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ ᠼᠢᠷᠺᠴᠢᠳ ᠦᠨ ᠲᠡᠮᠡᠴᠡᠭᠡᠨ ᠡᠴᠡ ᠠᠯᠲᠠᠨ ᠴᠣᠮᠣ  ᠬᠦᠷᠲᠡᠵᠡᠢ᠃ ᠡᠨᠡ ᠰᠠᠷ᠎ᠠ ᠶᠢᠨ 14-19   ᠳᠦ ᠵᠣᠬᠢᠶᠠᠨ ᠪᠠᠶᠢᠭᠤᠯᠤᠭᠰᠠᠨ Festival Internacional del Circ Elephant d’Or ᠲᠡᠮᠡᠴᠡᠭᠡᠨ ᠳᠦ ᠳᠡᠯᠡᠬᠡᠢ ᠶᠢᠨ 100 ᠭᠠᠷᠤᠢ ᠤᠷᠠᠨ ᠪᠦᠲᠦᠭᠡᠯᠴᠢᠳ ᠣᠷᠣᠯᠴᠠᠵᠠᠢ᠃ ᠤᠷᠠᠨ ᠪᠦᠲᠦᠭᠡᠯᠴᠢᠳ Mystery of Gentlemen ᠬᠡᠮᠡᠬᠦ  ᠱᠠᠷᠢᠺ ᠲᠠᠢ ᠠᠺᠷᠣᠪᠠᠲ ᠤᠨ ᠦᠵᠡᠭᠦᠯᠪᠦᠷᠢ ᠪᠡᠷ ᠣᠷᠣᠯᠴᠠᠵᠤ ᠠᠮᠵᠢᠯᠲᠠ ᠭᠠᠷᠭᠠᠭᠰᠠᠨ ᠪᠠᠶᠢᠨ᠎ᠠ᠃ ᠲᠡᠮᠡᠴᠡᠭᠡᠨ ᠦ ᠲᠠᠯ᠎ᠠ ᠪᠠᠷ ᠫᠷᠣᠳᠢᠶᠦ᠋ᠰᠧᠷ ᠨ∙ᠡᠷᠳᠡᠨᠢ ᠥᠪᠡᠷ ᠦᠨ ᠨᠢᠭᠤᠷ ᠨᠤᠮ ᠳᠤ ᠪᠠᠨ ᠄ ᠪᠢᠳᠡᠨ ᠦ ᠬᠢᠵᠦ ᠪᠤᠢ ᠦᠵᠡᠭᠦᠯᠪᠦᠷᠢ ᠳᠡᠯᠡᠬᠡᠢ ᠶᠢᠨ ᠬᠠᠮᠢᠭ᠎ᠠ ᠴᠤ ᠪᠠᠶᠢᠬᠤ ᠦᠭᠡᠢ᠃ ᠵᠥᠪᠬᠡᠨ ᠮᠣᠩᠭᠣᠯ ᠤᠨ ᠼᠢᠷᠺ ᠦᠨ ᠵᠦᠴᠦᠭᠡᠴᠢᠳ ᠬᠢᠵᠦ ᠪᠠᠶᠢᠭ᠎ᠠ ᠨᠢ ᠪᠠᠬᠠᠷᠬᠠᠯᠲᠠᠢ ᠭᠡᠵᠡᠢ᠃

ᠰᠡᠳᠬᠢᠭᠳᠡᠯ ᠦᠯᠡᠳᠡᠭᠡᠬᠦ