ᠲᠠᠶᠢᠸᠠᠨ ᠤ ᠬᠢᠨ ᠣᠷᠬᠣᠨ ᠤ ᠡᠮᠨᠡᠯᠭᠡ ᠳᠦ ᠲᠣᠨᠣᠭ ᠲᠥᠬᠥᠭᠡᠷᠦᠮᠵᠢ ᠥᠭᠴᠡᠢ | News.MN

ᠲᠠᠶᠢᠸᠠᠨ ᠤ ᠬᠢᠨ ᠣᠷᠬᠣᠨ ᠤ ᠡᠮᠨᠡᠯᠭᠡ ᠳᠦ ᠲᠣᠨᠣᠭ ᠲᠥᠬᠥᠭᠡᠷᠦᠮᠵᠢ ᠥᠭᠴᠡᠢ

ᠲᠠᠶᠢᠸᠠᠨ ᠦ ᠲᠥᠯᠥᠭᠡᠯᠡᠭᠴᠢ ᠶᠢᠨ ᠭᠠᠵᠠᠷ ᠣᠷᠬᠣᠨ ᠠᠶᠢᠮᠠᠭ ᠤᠨ ᠪᠥᠰᠡ ᠶᠢᠨ ᠣᠨᠣᠰᠢᠯᠠᠭ᠎ᠠ᠂ ᠡᠮᠴᠢᠯᠡᠭᠡᠨ ᠦ  ᠲᠦᠪ ᠲᠦ ᠠᠰᠠᠷᠠᠭᠠᠨ ᠤ ᠲᠣᠨᠣᠭ ᠲᠥᠬᠥᠭᠡᠷᠦᠮᠵᠢ᠂ ᠲᠡᠷᠭᠡᠨᠴᠢᠷ᠂ ᠬᠡᠦᠬᠡᠳ ᠦᠨ ᠦᠵᠡᠯᠭᠡ ᠶᠢᠨ ᠣᠷᠣ᠂ ᠰᠤᠪᠢᠯᠠᠭᠴᠢ ᠶᠢᠨ ᠡᠮ ᠬᠡᠷᠡᠭᠰᠡᠯ ᠦᠭᠭᠦᠯ᠎ᠡ᠃ ᠥᠩᠭᠡᠷᠡᠭᠰᠡᠨ ᠣᠨ ᠳᠤ ᠣᠷᠬᠣᠨ ᠠᠶᠢᠮᠠᠭ ᠲᠤ ᠲᠠᠶᠢᠸᠠᠨ ᠤ ᠲᠥᠯᠥᠭᠡᠯᠡᠭᠴᠢ ᠶᠢᠨ ᠭᠠᠵᠠᠷ ᠤᠨ ᠵᠠᠷᠢᠮ ᠤᠳᠤᠷᠢᠳᠤᠯᠭ᠎ᠠ ᠢᠷᠡᠭᠰᠡᠨ ᠪᠥᠭᠡᠳ ᠡᠨᠡ ᠦᠶ᠎ᠡ ᠪᠡᠷ ᠠᠶᠢᠮᠠᠭ ᠤᠨ ᠵᠠᠰᠠᠭ ᠳᠠᠷᠤᠭ᠎ᠠ ᠶᠢᠨ ᠣᠷᠣᠯᠠᠭᠴᠢ ᠰ∙ᠪᠠᠲᠤᠵᠢᠷᠭᠠᠯ ᠡᠷᠡᠭᠦᠯ ᠮᠡᠨᠳᠦ᠂ ᠪᠣᠯᠪᠠᠰᠤᠷᠠᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠬᠦᠰᠡᠯᠲᠡ ᠲᠠᠯᠪᠢᠭᠰᠠᠨ ᠶᠤᠮ᠃ ᠡᠭᠦᠨ ᠦ ᠳᠠᠭᠠᠤ ᠳᠡᠭᠡᠷᠡᠬᠢ ᠲᠣᠨᠣᠭ ᠲᠥᠬᠥᠭᠡᠷᠦᠮᠵᠢ ᠶᠢ ᠥᠭᠴᠦ ᠪᠠᠶᠢᠭ᠎ᠠ ᠶᠤᠮ᠃
ᠮᠣᠩᠭᠣᠯ ᠤᠯᠤᠰ ᠨᠢ ᠲᠠᠶᠢᠸᠠᠨ ᠦ ᠡᠷᠡᠭᠦᠯ ᠮᠡᠨᠳᠦ ᠶᠢᠨ ᠶᠠᠮᠤᠨ᠂ ᠲᠠᠶᠢᠪᠸᠢ ᠬᠣᠲᠠ ᠶᠢᠨ ᠡᠮᠨᠡᠯᠭᠡ᠂  ︽ᠲᠠᠶᠢᠸᠠᠨ ᠤ ᠣᠯᠠᠨ ᠤᠯᠤᠰ ᠤᠨ ᠡᠷᠡᠭᠦᠯ ᠮᠡᠨᠳᠦ ᠶᠢᠨ ᠰᠤᠷᠭᠠᠯᠲᠠ ᠶᠢᠨ ᠲᠥᠪ︾ ᠲᠡᠢ 10 ᠭᠠᠷᠤᠢ ᠵᠢᠯ ᠬᠠᠮᠲᠤᠷᠠᠨ ᠠᠵᠢᠯᠯᠠᠵᠤ ᠪᠠᠶᠢᠨ᠎ᠠ᠃ ᠡᠨᠡ ᠬᠤᠭᠤᠴᠠᠭᠠᠨ ᠳᠤ ᠮᠣᠩᠭᠣᠯ ᠠᠴᠠ 300 ᠣᠷᠴᠢᠮ ᠡᠮᠴᠢ᠂ ᠡᠮᠨᠡᠯᠭᠡ ᠶᠢᠨ ᠠᠵᠢᠯᠲᠠᠨ  ᠲᠠᠶᠢᠸᠠᠨ ᠤ ᠶᠡᠬᠡ ᠰᠤᠷᠭᠠᠭᠤᠯᠢ᠂ ᠵᠡᠭᠦᠨ ᠠᠽᠢᠶ᠎ᠠ ᠶᠢᠨ ᠡᠮᠨᠡᠯᠭᠡ᠂ ᠬᠢᠲᠠᠳ ᠤᠨ ᠤᠯᠠᠮᠵᠢᠯᠠᠯᠲᠤ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠬᠠᠷᠢᠶ᠎ᠠ ᠡᠮᠨᠡᠯᠭᠡ ᠨᠦᠭᠦᠳ ᠲᠦ ᠮᠡᠷᠭᠡᠵᠢᠯ ᠳᠡᠭᠡᠭᠰᠢᠯᠡᠭᠦᠯᠬᠦ ᠰᠤᠷᠭᠠᠯᠲᠠ᠂ ᠡᠮᠴᠢ ᠰᠣᠯᠢᠯᠴᠠᠭ᠎ᠠ ᠬᠥᠲᠥᠯᠪᠦᠷᠢ ᠳᠦ ᠬᠠᠮᠤᠷᠤᠭᠳᠠᠵᠠᠢ᠃

ᠰᠡᠳᠬᠢᠭᠳᠡᠯ ᠦᠯᠡᠳᠡᠭᠡᠬᠦ