ᠣᠯᠢᠮᠫ ᠲᠤ ᠪᠡᠯᠡᠳᠬᠡᠬᠦ ᠦᠨᠳᠦᠰᠦᠨ ᠦ ᠬᠣᠷᠢᠶ᠎ᠠ ᠶᠢ ᠬᠤᠷᠠᠯᠳᠤᠭᠤᠯᠤᠨ᠎ᠠ | News.MN

ᠣᠯᠢᠮᠫ ᠲᠤ ᠪᠡᠯᠡᠳᠬᠡᠬᠦ ᠦᠨᠳᠦᠰᠦᠨ ᠦ ᠬᠣᠷᠢᠶ᠎ᠠ ᠶᠢ ᠬᠤᠷᠠᠯᠳᠤᠭᠤᠯᠤᠨ᠎ᠠ

ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠰᠠᠶᠢᠳ ᠶᠣ᠊∙ᠪᠠᠭᠠᠲᠤᠷᠪᠢᠯᠢᠭ᠌᠂ ᠳᠡᠳ᠋ ᠰᠠᠶᠢᠳ ᠭ∙ᠭᠠᠩᠪᠠᠶᠠᠷ ᠨᠠᠷ ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ ᠪᠡᠶ᠎ᠡ ᠶᠢᠨ ᠲᠠᠮᠢᠷ ᠰᠫᠣᠷᠲ ᠤᠨ ᠭᠠᠵᠠᠷ ᠲᠤ ᠰᠫᠣᠷᠲ ᠤᠨ ᠰᠠᠯᠪᠤᠷᠢ ᠶᠢᠨ ᠬᠢᠨ ᠪᠣᠯᠤᠨ ᠬᠣᠯᠪᠣᠭᠠᠳ ᠤᠨ ᠤᠳᠤᠷᠢᠳᠤᠯᠭ᠎ᠠ ᠲᠠᠢ ᠠᠵᠢᠯ ᠬᠡᠷᠡᠭᠴᠢ ᠠᠭᠤᠯᠵᠠᠯᠲᠠ ᠬᠢᠯ᠎ᠡ᠃ ᠰᠠᠶᠢᠳ ᠶᠣ᠊∙ᠪᠠᠭᠠᠲᠤᠷᠪᠢᠯᠢᠭ᠌ ᠥᠩᠭᠡᠷᠡᠭᠰᠡᠨ ᠣᠨ ᠤ ᠨᠢᠭᠡᠳᠦᠭᠡᠷ ᠰᠠᠷ᠎ᠠ ᠶᠢᠨ 30 ᠳᠦ ᠨᠡᠶᠢᠭᠡᠮ ᠤᠨ ᠪᠣᠳᠣᠯᠭ᠎ᠠ ᠪᠣᠯᠪᠠᠰᠤᠷᠠᠯ ᠰᠤᠶᠤᠯ ᠰᠫᠣᠷᠲ ᠤᠨ ᠪᠠᠶᠢᠩᠭᠤ ᠶᠢᠨ ᠬᠣᠷᠢᠶᠠᠨ ᠤ ᠳᠠᠷᠤᠭ᠎ᠠ ᠶᠢᠨ ᠬᠤᠪᠢ ᠪᠠᠷ ᠡᠨᠡ ᠰᠠᠯᠪᠤᠷᠢ ᠶᠢᠨ ᠬᠢᠨ ᠲᠠᠢ ᠠᠭᠤᠯᠵᠠᠵᠤ᠂ ᠲᠤᠬᠠᠢ ᠶᠢᠨ ᠦᠶ᠎ᠡ ᠳᠦ ᠲᠠᠯᠪᠢᠵᠤ ᠪᠠᠶᠢᠭᠰᠠᠨ ᠣᠯᠠᠨ ᠠᠰᠠᠭᠤᠳᠠᠯ ᠨᠠᠭᠠᠰᠢ ᠲᠠᠢ ᠰᠢᠢᠳᠦᠭᠳᠡᠭᠰᠡᠨ ᠪᠣᠯᠬᠤ ᠶᠢ ᠠᠭᠤᠯᠵᠠᠯᠲᠠ ᠳᠤ ᠣᠷᠣᠯᠴᠠᠭᠴᠢᠳ ᠳᠤᠷᠠᠳᠤᠯ᠎ᠠ᠃ ᠡᠨᠡ ᠤᠳᠠᠭ᠎ᠠ ᠶᠢᠨ ᠠᠭᠤᠯᠵᠠᠯᠲᠠ ᠪᠠᠷ ︽ᠲᠤᠤᠺᠢᠤ᠋ -2020︾ ᠣᠯᠢᠮᠫ ᠤᠨ ᠪᠡᠯᠡᠳᠬᠡᠯ ᠠᠵᠢᠯ ᠤᠨ ᠬᠦᠷᠢᠶᠡᠨ ᠳᠦ ᠲᠤᠯᠭᠠᠮᠳᠠᠭᠰᠠᠨ ᠠᠰᠠᠭᠤᠳᠠᠯ ᠪᠣᠯᠤᠨ ᠪᠤᠰᠤᠳ ᠨᠡᠩ ᠳᠠᠷᠤᠢ ᠰᠢᠢᠳᠪᠦᠷᠢᠯᠡᠬᠦ ᠱᠠᠭᠠᠷᠳᠠᠯᠭ᠎ᠠ ᠲᠠᠢ ᠠᠷᠭ᠎ᠠ ᠬᠡᠮᠵᠢᠶᠡᠨ ᠦ ᠲᠠᠯ᠎ᠠ ᠪᠠᠷ ᠰᠠᠯᠪᠤᠷᠢ ᠶᠢᠨ ᠬᠢᠨ ᠤ ᠰᠠᠨᠠᠯ ᠢ ᠰᠣᠨᠣᠰᠤᠯ᠎ᠠ᠃
ᠲᠤᠤᠺᠢᠤ᠋ ᠶᠢᠨ 2020 ᠣᠨ ᠤ ᠣᠯᠢᠮᠫ ᠲᠤ ᠠᠩᠬ᠎ᠠ ᠤᠳᠠᠭ᠎ᠠ ᠪᠠᠭ ᠤᠨ ᠵᠢᠦ᠋ᠳᠣ᠋ ᠪᠥᠬᠡ ᠶᠢᠨ ᠲᠥᠷᠥᠯ ᠨᠡᠮᠡᠭᠳᠡᠵᠦ ᠪᠠᠶᠢᠭ᠎ᠠ᠃ ᠲᠡᠶᠢᠮᠦ ᠡᠴᠡ ᠦᠨᠳᠦᠰᠦᠨ ᠦ ᠰᠢᠭᠰᠢᠭᠡ ᠪᠠᠭ ᠪᠣᠯᠤᠨ ᠮᠠᠰᠰᠠᠵᠢᠰᠲ ᠤᠨ ᠣᠷᠣᠨ ᠲᠣᠭᠠᠨ ᠤ ᠠᠰᠠᠭᠤᠳᠠᠯ᠂ ᠪᠡᠯᠡᠳᠬᠡᠯ ᠬᠢᠬᠦ ᠨᠢᠭᠡᠳᠦᠭᠰᠡᠨ ᠥᠪᠡᠷ ᠦᠨ ᠭᠡᠰᠡᠨ ᠪᠠᠭᠠᠽ ᠲᠠᠢ ᠪᠣᠯᠬᠤ᠂ ᠲᠠᠮᠢᠷᠴᠢᠳ ᠤᠨ ᠡᠷᠡᠭᠦᠯ ᠮᠡᠨᠳᠦ ᠸᠢᠲ᠋ᠠᠮᠢᠨᠵᠢᠭᠤᠯᠤᠯᠲᠠ ᠶᠢᠨ ᠠᠰᠠᠭᠤᠳᠠᠯ ᠢ ᠰᠠᠯᠪᠤᠷᠢ ᠶᠢᠨ ᠬᠢᠨ ᠬᠥᠨᠳᠡᠵᠦ ᠪᠠᠶᠢᠨ᠎ᠠ᠃ ᠠᠭᠤᠯᠵᠠᠯᠲᠠ ᠶᠢᠨ ᠲᠡᠭᠦᠰᠬᠡᠯ ᠳᠦ ᠰᠠᠶᠢᠳ ᠶᠣ᠊∙ᠪᠠᠭᠠᠲᠤᠷᠪᠢᠯᠢᠭ᠌ ᠣᠯᠢᠮᠫ ᠲᠤ ᠪᠡᠯᠡᠳᠬᠡᠬᠦ ᠦᠨᠳᠦᠰᠦᠨ ᠦ ᠬᠣᠷᠢᠶ᠎ᠠ ᠶᠢ ᠣᠶᠢᠷ᠎ᠠ ᠶᠢᠨ ᠦᠶ᠎ᠡ ᠳᠦ ᠬᠤᠷᠠᠯᠳᠤᠭᠤᠯᠬᠤ ᠨᠢ ᠵᠦᠢᠲᠡᠢ᠃ ᠡᠨᠡ ᠬᠤᠷᠠᠯ ᠳᠤ ᠲᠥᠰᠥᠪ ᠮᠥᠩᠭᠥ᠂ ᠣᠷᠣᠨ ᠲᠣᠭ᠎ᠠ᠂ ᠡᠮ ᠪᠡᠯᠡᠳᠦᠮᠡᠯ ᠦᠨ ᠠᠰᠠᠭᠤᠳᠠᠯ ᠢᠶᠠᠨ ᠲᠣᠭᠠᠴᠠᠭ᠎ᠠ ᠲᠠᠢ᠂ ᠭᠠᠷᠴᠠ ᠰᠢᠢᠳᠦᠯ ᠲᠡᠢ ᠨᠢ ᠣᠷᠣᠭᠤᠯᠬᠤ ᠶᠢ ᠠᠵᠢᠯ ᠬᠠᠷᠢᠭᠤᠴᠠᠭᠰᠠᠨ ᠬᠦᠮᠦᠰ ᠲᠦ ᠡᠭᠦᠷᠭᠡ ᠪᠣᠯᠭᠠᠯ᠎ᠠ᠃ ᠲᠠᠯᠪᠢᠭᠳᠠᠭᠰᠠᠨ ᠲᠥᠰᠥᠪ ᠦᠨ ᠮᠥᠩᠭᠥ ᠶᠢ ᠵᠢᠵᠢᠭ ᠲᠡᠮᠡᠴᠡᠭᠡᠨ ᠤᠷᠤᠯᠳᠤᠭᠠᠨ ᠵᠣᠬᠢᠶᠠᠨ ᠪᠠᠶᠢᠭᠤᠯᠤᠭᠠᠳ ᠳᠠᠭᠤᠰᠬᠠᠬᠤ ᠪᠢᠰᠢ ᠬᠠᠷᠢᠨ ᠦᠯᠡᠳᠡᠴᠡ ᠲᠡᠢ᠂ ᠨᠡᠩ ᠱᠠᠭᠠᠷᠳᠠᠯᠭ᠎ᠠ ᠲᠠᠢ ᠠᠵᠢᠯ ᠠᠷᠭ᠎ᠠ ᠬᠡᠮᠵᠢᠶᠡᠨ ᠳᠦ ᠵᠠᠷᠤᠴᠠᠭᠤᠯᠬᠤ ᠶᠢ ᠰᠠᠨᠠᠭᠤᠯᠤᠯ᠎ᠠ᠃ ᠣᠯᠢᠮᠫ ᠤᠨ ᠡᠮᠦᠨᠡᠬᠢ ᠵᠢᠯ ᠤᠴᠢᠷ ᠠᠴᠠ ᠡᠭᠦᠨ ᠳᠦ ᠴᠢᠭᠯᠡᠭᠰᠡᠨ ᠠᠵᠢᠯ ᠠᠷᠭ᠎ᠠ ᠬᠡᠮᠵᠢᠶᠡᠨ ᠳᠦ ᠶᠠᠮᠤᠨ ᠲᠦᠯᠬᠢᠭᠦᠦ ᠠᠩᠬᠠᠷᠴᠤ ᠠᠵᠢᠯᠯᠠᠬᠤ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ