ᠡᠨᠡ ᠰᠠᠷ᠎ᠠ ᠶᠢᠨ 20᠍ ᠤ ᠡᠳᠦᠷ ᠵᠣᠬᠢᠶᠠᠨ ᠪᠠᠶᠢᠭᠤᠯᠬᠤ ᠪᠠᠷ ᠲᠥᠯᠥᠪᠯᠡᠭᠡᠳ ᠪᠠᠶᠢᠭᠰᠠᠨ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠲᠠᠪᠤᠳᠤᠭᠠᠷ ︽ᠶᠡᠬᠡ ᠡᠶ᠎ᠡ︾ ᠳᠠᠬᠢᠨ ᠬᠣᠶᠢᠰᠢᠯᠠᠭᠰᠠᠨ ᠪᠠᠶᠢᠨ᠎ᠠ᠃ ᠡᠨᠡ ᠲᠠᠯ᠎ᠠ ᠪᠠᠷ ᠳᠠᠷᠬᠠᠨ ᠠᠪᠤᠷᠭᠤ ᠪ᠂ ᠪᠠᠲᠤ-ᠡᠷᠳᠡᠨᠢ᠂ ᠭᠠᠴᠤᠷᠠᠲᠤ ᠺᠤᠮᠫᠠᠨᠢ ᠶᠢᠨ ᠵᠠᠬᠢᠷᠤᠯ ᠯ᠂ ᠴᠢᠩᠪᠠᠲᠤ ᠨᠠᠷ ︽ᠠᠵᠢᠯ ᠤᠨ ᠬᠡᠰᠡᠭ ᠦᠨ ᠨᠢᠭᠡ ᠠᠬᠠᠯᠠᠭᠴᠢ ᠳᠠᠷᠬᠠᠨ ᠠᠪᠤᠷᠭᠤ ᠬ∙ᠪᠠᠶᠠᠨᠮᠦ᠋ᠩᠬᠡ ᠬᠦᠨᠳᠦᠳᠭᠡᠬᠦ ᠰᠢᠯᠲᠠᠭᠠᠨ ᠤ ᠤᠯᠠᠮ ᠠᠴᠠ ᠪᠤᠶᠤ ᠭᠠᠳᠠᠭᠠᠳᠤ ᠤᠯᠤᠰ ᠲᠤ ᠰᠤᠪᠢᠯᠠᠯ ᠳᠤ ᠶᠠᠪᠤᠭᠰᠠᠨ ᠲᠤᠯᠠ ᠬᠤᠷᠠᠯ ᠢ ᠬᠣᠶᠢᠰᠢᠯᠠᠭᠤᠯᠤᠭᠰᠠᠨ︾ ᠬᠡᠮᠡᠨ ᠮᠡᠳᠡᠭᠳᠡᠯ᠎ᠡ ᠃ ︽ᠶᠡᠬᠡ ᠡᠶ᠎ᠡ︾ ᠶᠢᠨ ᠲᠤᠪ ᠣᠳᠣ ᠪᠠᠷ ᠲᠣᠳᠣᠷᠬᠠᠢ ᠦᠭᠡᠢ ᠪᠠᠶᠢᠭ᠎ᠠ ᠴᠤ ᠪᠥᠬᠡ ᠶᠢᠨ ᠥᠷᠭᠦᠭᠡᠨ ᠦ ᠦᠢᠯᠡ ᠠᠵᠢᠯᠯᠠᠭ᠎ᠠ ᠬᠡᠪ ᠦᠨ ᠦᠷᠭᠦᠯᠵᠢᠯᠡᠨ᠎ᠡ ᠭᠡᠯᠡ᠃ ᠲᠤᠬᠠᠶᠢᠯᠠᠪᠠᠯ᠂ ᠰᠢᠷᠠᠭᠴᠢᠨ ᠭᠠᠬᠠᠢ ᠵᠢᠯ ᠦᠨ ᠡᠬᠢᠨ ᠦ ᠪᠠᠷᠢᠯᠳᠤᠭᠠᠨ ᠭᠤᠷᠪᠠᠳᠤᠭᠠᠷ ᠰᠠᠷ᠎ᠠ ᠶᠢᠨ 1᠍ ᠳᠦ ᠪᠥᠬᠡ ᠶᠢᠨ ᠥᠷᠭᠦᠭᠡᠨ ᠳᠦ ᠪᠣᠯᠬᠤ ᠪᠠᠷ ᠲᠤᠪ ᠭᠠᠷᠤᠭᠠᠳ ᠪᠠᠶᠢᠭ᠎ᠠ ᠶᠤᠮ ᠪᠠᠶᠢᠨ᠎ᠠ᠃